☆ ᠦᠷᠭᠡᠳᠡᠢ·ᠭᠢᠩᠭ᠋ᠠᠨ
ᠪᠠᠭᠰᠢ ᠳᠤ ᠪᠠᠨ ᠡᠷᠭᠦᠭᠦ ᠰᠡᠳᠭᠢᠯ ᠤᠨ ᠦᠴᠢᠭ᠌
᠊᠊᠊᠊᠊᠊᠊᠊᠊᠊᠊᠊᠊᠊᠊ ᠪᠠᠭᠰᠢ ᠶᠢᠨ ᠪᠠᠶᠠᠷ ᠤᠨ ᠡᠳᠦᠷ ᠤᠨ ᠨᠥᠭᠦᠪᠦᠷᠢ ᠣᠶᠠᠩᠭ᠋᠎ᠠ
ᠠᠶᠤᠰᠢ ᠴᠠᠭᠠᠨ ᠬᠠᠳᠠᠭ ᠶᠢᠡᠨ ᠡᠷᠭᠦᠨ
ᠠᠮᠤᠷ ᠠᠰᠠᠭᠤᠨ ᠵᠤᠯᠭᠠᠵᠤ ᠴᠢᠳᠠᠭ᠎ᠠ ᠥᠭᠡᠢ
ᠰᠤᠷᠤᠭᠴᠢ ᠴᠢᠨᠢ
ᠠᠷᠪᠠᠨ ᠳᠦᠷᠤᠯ ᠤᠨ ᠪᠠᠷᠢᠯᠳᠤᠯᠭ᠎ᠠ ᠳᠤ ᠪᠠᠨ ᠰᠥᠭᠦᠷᠡᠵᠤ
ᠠᠢ᠌ᠯᠴᠢᠯᠠᠨ ᠭᠦᠷᠴᠤ ᠴᠢᠳᠠᠭ᠎ᠠ ᠥᠭᠡᠢ
ᠰᠤᠷᠤᠭᠴᠢ ᠴᠢᠨᠢ
ᠭᠦᠮᠤᠨ ᠣᠯᠠᠨ ᠤ ᠣᠷᠤᠰᠬᠠᠯ ᠳ᠋ᠤ
ᠭᠦᠡᠳᠡᠯᠡᠨ ᠨᠤᠳᠤᠭ ᠤᠨ ᠪᠣᠷᠤ ᠭᠦᠤ
ᠭᠦᠴᠤ ᠳᠠᠮᠠᠤᠯᠤᠨ ᠣᠷᠤᠭᠰᠢᠯᠠᠬᠤ ᠳᠤ ᠪᠠᠨ
ᠭᠦᠮᠦᠵᠢᠭᠦᠯᠵᠤ ᠭᠡᠭᠡᠷᠡᠭᠦᠯᠵᠤ
ᠭᠦᠮᠤᠨ ᠤ ᠵᠡᠷᠭᠡ ᠳᠤ ᠭᠦᠷᠭᠡᠭ᠍ᠰᠡᠨ
ᠭᠦᠡᠳᠦᠳᠡᠢ ᠪᠠᠭᠰᠢ ᠪᠠᠨ
ᠭᠦᠡᠳᠡᠢ ᠴᠡᠭᠡᠵᠢᠨ ᠳᠤ ᠪᠠᠨ ᠰᠠᠢ᠌ᠯᠵᠤ
ᠭᠦᠤ ᠶᠢᠨ ᠶᠤᠰᠤᠭᠠᠷ ᠮᠦᠷᠦᠭᠡᠳᠤᠨ ᠪᠠᠢ᠌ᠨ᠎ᠠ
ᠰᠤᠷᠤᠭᠴᠢ ᠴᠢᠨᠢ
ᠠᠯᠤᠰ ᠤᠨ ᠠᠯᠤᠰ
ᠠᠯᠫᠠᠰ ᠠᠭᠤᠯᠠ ᠡᠴᠠ
ᠠᠩᠭᠢᠯᠤᠮ᠎ᠠ ᠴᠡᠴᠡᠭ᠌ ᠳᠡᠭᠦᠵᠤ
ᠠᠴᠢᠳᠤ ᠳᠠᠨ ᠤ ᠪᠠᠨ ᠠᠯᠠᠭᠠᠨ ᠳ᠋ᠤ
ᠠᠶᠠᠳᠠᠢ᠌ᠬᠠᠨ ᠪᠠᠷᠢᠭᠤᠯᠵᠤ ᠴᠢᠳᠠᠭ᠎ᠠ ᠦᠭᠡᠶ ᠴᠤ
ᠠᠴᠢᠷ ᠰᠤᠷᠤᠭᠴᠢ ᠶᠢᠨ ᠴᠢᠨᠢ
ᠠᠴᠢᠯᠠᠵᠤ ᠳᠠᠯᠠᠷᠬᠠᠬᠤ ᠰᠡᠳᠭᠢᠯ
ᠠᠯᠫᠠᠰ ᠠᠭᠤᠯᠠᠨ ᠡᠴᠠ ᠭᠦᠡᠳᠤ
ᠪᠠᠭᠰᠢ ᠳᠤ ᠪᠠᠨ ᠭᠡᠭᠦ ᠰᠠᠨᠠᠭ᠎ᠠ
ᠪᠠᠷᠠᠭᠰᠢ ᠦᠭᠡᠶ ᠮᠥᠩᠭᠡ᠃
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠦᠷᠭᠡᠳᠢ᠂ ᠭᠢᠩᠭ᠋ᠠᠨ (ᠴᠠᠩ ᠡᡁᠧ)
ᠵᠤᠬᠢᠶᠠᠭᠴᠢ᠄ ᠦᠷᠭᠡᠳᠡᠢ·ᠭᠢᠩᠭ᠋ᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3170
ᠴᠠᠭ᠄ 2010 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ