ᠨᠡᠪᠲᠡᠷᠡᠨ ᠤᠷᠤᠬᠤ
ᠪᠣᠯᠢᠶ᠎ᠠ

ᠭᠢᠰᠠᠯ ᠭᠢᠰᠠᠨ ᠦᠰᠢᠵᠤ ᠶᠠᠪᠣᠬᠤ ᠪᠠᠨ

ᠭᠡᠵᠢᠶ᠎ᠡ ᠴᠤ ᠳᠠᠭᠢᠨ ᠪᠣᠳᠤᠬᠤ ᠪᠠᠨ ᠴᠤ ᠪᠣᠯᠢᠶ᠎ᠠ

ᠭᠢᠵᠤ ᠪᠠᠷᠠᠭ᠎ᠠ ᠦᠭᠡᠶ ᠠᠵᠢᠯ ᠶᠢᠡᠨ ᠪᠢᠳᠠ

ᠭᠡᠨ ᠢ ᠴᠤ ᠭᠡᠵᠤ ᠬᠠᠷᠠᠬᠤ ᠪᠠᠨ ᠪᠣᠯᠢᠶ᠎ᠠ᠃

ᠭᠦᠮᠤᠨ ᠤ ᠰᠠᠢ᠌ᠬᠠᠨ ᠭᠦᠮᠤᠨ ᠤ ᠰᠡᠳᠭᠢᠯ ᠢ

ᠭᠦᠡᠳᠡᠵᠤ ᠳᠠᠭᠢᠨ ᠭᠤᠮᠤᠳᠠᠭᠠᠬᠤ ᠪᠠᠨ ᠪᠣᠯᠢᠶ᠎ᠠ

ᠭᠦᠰᠡᠷ ᠣᠢ᠌ᠴᠢᠭᠰᠠᠨ ᠨᠢᠭᠡᠨ ᠶᠢᠡᠨ ᠪᠢᠳᠠ

ᠭᠦᠭ᠍ᠰᠢᠵᠤ ᠮᠠᠷᠰᠠᠭᠠᠨᠠᠵᠤ ᠱᠤᠤᠯᠠᠬᠤ ᠪᠠᠨ ᠪᠣᠯᠢᠶ᠎ᠠ᠃

ᠡᠵᠡᠨ ᠪᠣᠭᠳᠠ ᠶᠢᠨ ᠶᠢᠡᠨ ᠠᠷᠢᠭᠤᠨ ᠨᠠᠷ᠎ᠠ ᠵᠢ

ᠭᠦᠯᠴᠦᠭᠦᠤ ᠬᠠᠯᠰᠠᠭᠤ ᠪᠠᠷ ᠶᠢᠡᠨ ᠳᠤᠷᠠᠳᠬᠤ ᠪᠠᠨ ᠪᠣᠯᠢᠶ᠎ᠠ

ᠡᠵᠡᠷᠭᠡᠭ᠌ ᠳᠠᠪᠭᠢᠭᠰᠠᠨ ᠳᠡᠦᠭᠡ ᠪᠠᠨ ᠪᠢᠳᠠ

ᠭᠦᠮᠤᠨ ᠪᠣᠯᠭᠠᠨ ᠳᠤ ᠪᠠᠷᠳᠠᠬᠤ ᠪᠠᠨ ᠪᠣᠯᠢᠶ᠎ᠠ᠃

ᠠᠠᠳᠠᠭᠤ ᠰᠡᠳᠭᠢᠯ ᠦᠭᠡᠶ ᠠᠠᠳᠠ ᠶᠢᠨ ᠥᠭᠡᠨ ᠳ᠋ᠤ

ᠠᠭᠰᠤᠮᠨᠠᠵᠤ ᠪᠣᠰᠤᠷᠮᠠᠭᠯᠠᠨ ᠡᠪᠳᠡᠷᠡᠭᠦ ᠪᠠᠨ ᠪᠣᠯᠢᠶ᠎ᠠ

ᠵᠤᠪᠠᠬᠤ ᠴᠠᠭ ᠲᠤ ᠳᠤᠰᠠᠯᠠᠭᠴᠢ ᠶᠢ ᠪᠢᠳᠠ

ᠵᠤᠷᠢᠭ ᠠᠯᠳᠠᠷᠠᠨ ᠮᠠᠷᠳᠠᠬᠤ ᠪᠠᠨ ᠪᠣᠯᠢᠶ᠎ᠠ᠃

ᠲᠦᠷᠦ ᠲᠦᠮᠡᠨ ᠤ ᠮᠢᠨᠢ ᠵᠥᠯᠭᠡ ᠰᠢᠭ᠌ ᠰᠡᠳᠭᠢᠯ ᠢ

ᠳᠣᠢ᠌ᠮᠠᠷᠯᠠᠵᠤ ᠬᠠᠶᠠᠭᠰᠠᠤᠨ ᠢ ᠡᠨᠡᠷᠢᠭᠦ ᠪᠠᠨ ᠪᠣᠯᠢᠶ᠎ᠠ

ᠳᠡᠭᠡᠳᠦᠰ ᠤᠨ ᠮᠢᠨᠢ ᠠᠮᠢᠰᠬᠤᠭ᠎ᠠ ᠶᠢ ᠭᠡᠢ᠌ᠰᠭᠡᠭ᠍ᠰᠡᠳ ᠲᠤ ᠪᠢᠳᠠ

ᠳᠡᠯᠡᠭᠡᠢ ᠪᠠᠨ ᠳᠠᠭᠢᠨ ᠳᠠᠯᠬᠠᠯᠠᠭᠤᠯᠬᠤ ᠪᠠᠨ ᠪᠣᠯᠢᠶ᠎ᠠ᠃

ᠭᠦᠪᠴᠢ ᠬᠠᠩᠭ᠋ᠠᠢ᠌ᠳᠤ ᠳᠤᠮᠤᠭ ᠰᠢᠭ ᠨᠤᠳᠤᠭ ᠶᠢᠡᠨ ᠪᠢᠳᠠ

ᠭᠦᠮᠤᠨ ᠤ ᠭᠦᠮᠤᠨ ᠶᠢᠡᠷ ᠬᠤᠭᠤᠰᠤᠯᠠᠭᠤᠯᠬᠤ ᠪᠠᠨ ᠪᠣᠯᠢᠶ᠎ᠠ

ᠳᠡᠩᠭᠡᠭᠡ ᠳᠠᠮᠢᠷ ᠶᠢᠡᠷ ᠶᠢᠡᠨ ᠶᠠᠰᠤᠳᠠᠨ ᠢ ᠮᠢᠨᠢ ᠥᠡᠳᠡᠢ᠌ᠯᠭᠡᠭ᠍ᠰᠡᠨ

ᠳᠡᠭ᠍ᠷᠢᠯᠢᠭ᠌ ᠣᠨᠤᠭ᠎ᠠ ᠪᠠᠨ ᠳᠦᠭᠡᠷᠢᠭᠦᠯᠭᠦ ᠪᠠᠨ ᠪᠣᠯᠢᠶ᠎ᠠ᠃

ᠡᠳ᠋ᠯᠡᠵᠤ ᠪᠠᠢ᠌ᠭ᠎ᠠ ᠠᠮᠢᠳᠤᠷᠠᠯ ᠶᠢᠡᠨ ᠪᠢᠳᠠ

ᠡᠩᠭᠦᠷᠡᠢ᠌ᠯᠡᠵᠤ ᠳᠡᠩᠳᠡᠭᠦᠤ ᠨᠢᠯᠬᠠᠷᠠᠭᠤᠯᠬᠤ ᠪᠠᠨ ᠪᠣᠯᠢᠶ᠎ᠠ

ᠡᠷᠡᠮᠡᠯᠵᠡᠨ ᠪᠠᠢ᠌ᠭ᠎ᠠ ᠣᠢ᠌ᠯᠠᠰ ᠶᠢᠡᠨ ᠪᠢᠳᠠ

ᠡ᠊ᠨᠳᠡᠭᠦᠤ ᠵᠠᠮ ᠳᠤ ᠭᠦᠳᠦᠯᠭᠦ ᠪᠠᠨ ᠪᠣᠯᠢᠶ᠎ᠠ᠃

ᠦᠨᠡᠨ ᠢ ᠳᠠᠷᠤᠭᠰᠠᠨ ᠬᠤᠭᠤᠰᠤᠨ ᠮᠠᠭᠳᠠᠭᠤ ᠵᠢ

ᠦᠨᠡᠯᠠᠵᠤ ᠳᠠᠭᠢᠨ ᠭᠦᠭᠡᠷᠦᠭᠦᠯᠭᠦ ᠪᠠᠨ ᠪᠣᠯᠢᠶ᠎ᠠ

ᠦᠨᠢᠷ ᠮᠤᠩᠭ᠋ᠤᠯ ᠳᠤ ᠭᠡᠷᠡᠭ᠍ᠳᠡᠢ ᠪᠦᠭᠦᠨ ᠢ

ᠦᠶ᠎ᠡ ᠶᠢᠨ ᠦᠶ᠎ᠡ ᠳᠤ ᠠᠯᠳᠠᠬᠤ ᠪᠠᠨ ᠪᠣᠯᠢᠶ᠎ᠠ ᠳ᠋ᠠ ᠪᠣᠯᠢᠶ᠎ᠠ᠃


2009.4.14 ᠠᠮᠤᠭᠤᠯᠠᠩ ᠳ᠋ᠤ

ᠵᠤᠬᠢᠶᠠᠭᠴᠢ᠄ ᠬᠠᠳᠠᠭᠠᠰᠤᠨ·ᠰᠢᠨᠡᠮᠦ᠋ᠷᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ