☆ ᠪᠣᠷᠵᠢᠭᠢᠨ ᠬᠠᠰ
ᠥᠷᠢᠰᠦᠯᠳᠦᠭᠡᠨ ᠤ ᠳᠤᠮᠤᠭ
᠊᠊᠊᠊᠊᠊᠊᠊᠊᠊᠊᠊᠊᠊᠊ ᠡᠨᠡ ᠣᠳᠠᠭᠠᠨ ᠤ ᠡᠷᠭᠢᠯᠡᠭ᠍ᠴᠢ ᠶᠢᠨ ᠰᠤᠩᠭ᠋ᠤᠭᠤᠯᠢ ᠨᠢ
ᠳᠠᠷᠠ ᠣᠯᠤᠰ ᠤᠨ ᠶᠡᠷᠦᠩᠭᠡᠢ᠌ᠯᠡᠭ᠍ᠴᠢ ᠶᠢᠨ ᠥᠷᠢᠰᠦᠯᠳᠦᠭᠡᠨ ᠰᠢᠭ᠌ ᠁
ᠭᠦᠭ᠍ᠵᠢᠭ᠍ᠰᠡᠨ ᠣᠯᠤᠰ ᠤᠨ ᠰᠤᠩᠭ᠋ᠤᠭᠤᠯᠢ ᠶᠢ ᠳᠠᠭᠤᠷᠢᠶᠠᠵᠤ
ᠭᠦᠳᠡᠭᠡ ᠶᠢᠨ ᠨᠡᠢ᠌ᠭᠡᠮ ᠭᠦᠭ᠍ᠰᠡᠨ ᠰᠤᠯᠢᠶᠠᠷᠠᠨᠠ᠂
ᠭᠦᠷᠦᠩᠭᠡ ᠲᠡᠶ ᠳᠤᠯᠤᠮᠴᠤᠳ ᠭᠠᠷ ᠳᠦᠷᠢᠵᠤ
ᠭᠦᠰᠢᠭᠡᠨ ᠠᠷᠤ ᠳᠤ ᠰᠢᠳᠠᠷ᠎ᠡ ᠳᠠᠯᠪᠢᠨ᠎ᠠ᠃
ᠰᠢᠨᠡᠯᠡᠭᠦ ᠭᠠᠬᠠᠢ ᠣᠷᠢᠤᠠᠴᠢᠯᠠᠨ ᠥᠷᠡᠭ᠍ᠳᠡᠵᠤ
ᠡᠴᠡᠩᠭᠡᠷ ᠪᠠᠶ᠎ᠠ ᠪᠠᠷ ᠶᠢᠡᠨ ᠰᠤᠩᠭ᠋ᠤᠭᠤᠯᠢ ᠳᠤ ᠣᠷᠤᠨ᠎ᠠ᠂
ᠰᠢᠳᠤᠯᠠᠩ ᠢᠮᠠᠭ᠎ᠠ ᠣᠷᠢᠶ᠎ᠠ ᠬᠠᠰᠭᠢᠷᠴᠤ
ᠡᠵᠡᠨ ᠤ ᠪᠠᠨ ᠳᠦᠯᠦᠭᠡ ᠫᠢᠶᠤᠤ ᠳᠠᠳᠠᠨ᠎ᠠ᠃
ᠥᠯᠦᠰᠭᠦᠯᠡᠩ ᠡᠷ᠎ᠡ ᠮᠢᠬᠠᠨ ᠳᠤ ᠵᠠᠩᠭᠢᠷᠠᠵᠤ
ᠣᠯᠠᠭᠠᠨ ᠬᠤᠭᠤᠯᠠᠢ ᠶᠢᠨ ᠦᠷᠪᠢᠰᠦᠯ ᠣᠯᠤᠨ᠎ᠠ᠂
ᠥᠷᠢᠰᠦᠯᠳᠦᠭ᠍ᠰᠡᠨ ᠡᠳᠡᠭᠡᠳ ᠫᠢᠶᠤᠤ ᠳᠤ ᠵᠠᠩᠭᠢᠷᠠᠵᠤ
ᠣᠯᠠᠨ ᠪᠦᠭᠦᠳᠡ ᠶᠢᠨ ᠣᠷᠰᠢᠭ ᠪᠣᠯᠤᠨ᠎ᠠ᠃
ᠶᠡᠷᠦᠩᠭᠡᠢ᠌ᠯᠡᠭ᠍ᠴᠢ ᠶᠢᠨ ᠠᠪᠣᠳᠠᠯ ᠶᠢᠡᠷ ᠦᠷᠢᠰᠤᠯᠳᠤᠵᠤ
ᠡᠷᠭᠢᠯᠡᠭ᠍ᠴᠢ ᠶᠢᠨ ᠪᠠᠶ᠎ᠠ ᠨᠥᠭᠡ ᠣᠬᠤᠨ᠎ᠠ᠂
ᠶᠡᠭᠡ ᠥᠭᠡ ᠶᠢ ᠴᠢᠨᠡᠭᠡ ᠪᠠᠷ ᠠᠮᠠᠯᠳᠤᠵᠤ
ᠡᠷᠭᠢᠭᠦ ᠠᠵᠢᠯ ᠳᠠᠭᠠᠨ ᠣᠨᠠᠭᠤᠯᠢ ᠮᠠᠯᠳᠠᠨ᠎ᠠ᠃
ᠳᠦᠷᠡᠯᠵᠡᠨ ᠨᠤᠴᠤᠭᠰᠠᠨ ᠣᠯᠠᠨ ᠤ ᠫᠢᠶᠤᠤ
ᠳᠦᠷᠪᠡᠯᠵᠢᠨ ᠬᠠᠢ᠌ᠷᠴᠠᠭ ᠲᠤ ᠰᠡᠮᠡᠭᠡᠷ ᠦᠷᠢᠰᠤᠯᠳᠤᠨᠠ᠂
ᠳᠦᠷᠦᠭᠦᠯᠡᠨ ᠣᠷᠣᠢ᠌ᠯᠠᠭᠰᠠᠨ ᠬᠤᠶᠠᠷ ᠵᠢᠱᠢᠭ᠍ᠳᠡᠭ᠍ᠰᠡᠳ
ᠲᠦᠪ ᠥᠰᠦᠭ᠌ ᠢ ᠪᠣᠯᠪᠠᠰᠤᠷᠠᠵᠤ ᠣᠷᠤᠯᠳᠤᠨ᠎ᠠ᠃
ᠸᠸᠢ ᠣᠯᠤᠰ ᠤᠨ ᠮᠢᠬ᠎ᠠ ᠶᠢ ᠢᠳᠠᠵᠤ
ᠱᠤ ᠭᠦᠷᠤᠨ ᠤ ᠭᠦᠮᠤᠨ ᠢ ᠰᠤᠩᠭ᠋ᠤᠨ᠎ᠠ᠂
ᠼᠤᠤ ᠣᠪᠣᠭᠳᠤ ᠶᠢᠨ ᠳᠡᠷᠭᠡ ᠭᠦᠶᠦᠵᠤ
ᠯᠢᠤ ᠣᠪᠣᠭᠳᠤ ᠶᠢᠨ ᠫᠢᠶᠤᠤ ᠶᠢ ᠵᠠᠯᠠᠨ᠎ᠠ᠃
ᠳᠠᠮᠠᠭ᠎ᠠ ᠲᠡᠶ ᠪᠣᠭᠳᠠ ᠠᠭᠤᠷ ᠢ ᠨᠢ ᠪᠣᠯᠢᠶᠠᠯᠴᠠᠨᠠ
ᠳᠤᠷᠠᠩᠬᠠᠢ ᠰᠠᠭᠢᠭᠤᠯᠰᠤᠨ ᠰᠠᠭᠤᠳᠠᠯ ᠢ ᠨᠢ ᠪᠣᠯᠢᠶᠠᠯᠴᠠᠨᠠ
ᠦᠯᠦᠨ ᠴᠢᠦᠡᠭᠦᠷ ᠰᠢᠷᠡᠭᠡ ᠶᠢ ᠨᠢ ᠪᠣᠯᠢᠶᠠᠯᠴᠠᠨᠠ
ᠠᠢ᠌ᠯ ᠤᠨ ᠨᠤᠬᠠᠢ᠌ᠳ ᠶᠠᠰᠤ ᠶᠢ ᠨᠢ ᠪᠣᠯᠢᠶᠠᠯᠴᠠᠨᠠ᠃
ᠥᠷᠯᠦᠭᠡ ᠨᠢ ᠡᠭᠦᠨ ᠢ ᠨᠢ ᠥᠳᠦᠭᠡᠨᠡ
ᠦᠳᠡᠰᠢ ᠨᠢ ᠳᠡᠭᠦᠨ ᠢ ᠳᠤᠭᠢᠨ᠎ᠠ
ᠡᠷ᠎ᠡ ᠨᠢ ᠡᠨᠡ ᠳᠤᠨᠢ ᠵᠢᠦᠡᠭᠦᠨ᠎ᠡ
ᠡᠮ᠎ᠡ ᠨᠢ ᠳᠠᠷᠠ ᠳᠤᠨᠢ ᠲᠡᠳᠬᠦᠨ᠎ᠡ᠃
ᠬᠤᠪᠴᠢ ᠭᠦᠮᠤᠨ ᠬᠤᠯᠠ ᠳᠤᠳᠠᠭᠳᠠᠨ᠎ᠠ
ᠬᠣᠢ᠌ᠬᠤᠷ ᠭᠦᠮᠤᠨ ᠬᠠᠷᠠᠳᠠᠢ ᠬᠤᠪᠣᠷᠳᠠᠨᠠ
ᠵᠠᠯᠢᠬᠠᠢ ᠭᠦᠮᠤᠨ ᠵᠠᠯᠠᠯᠭ᠎ᠠ ᠪᠠᠷ ᠶᠠᠪᠣᠨ᠎ᠠ
ᠵᠢᠰᠤᠷ ᠭᠦᠮᠤᠨ ᠣᠷᠢᠯᠭ᠎ᠠ ᠪᠠᠷ ᠮᠤᠷᠳᠠᠨ᠎ᠠ᠃
ᠰᠠᠠᠴᠢᠭ ᠨᠢ ᠴᠠᠢ᠌ᠭᠰᠠᠨ ᠡᠮᠡᠭᠡᠨ
ᠰᠩᠲ᠋ᠨᠨ ᠮᠠᠰᠢᠨ ᠶᠢᠡᠷ ᠭᠦᠡᠳᠦᠯᠡᠭ᠍ᠳᠡᠨᠡ
ᠰᠠᠬᠠᠯ ᠶᠢᠡᠨ ᠴᠢᠷᠦᠭ᠍ᠰᠡᠨ ᠡᠪᠦᠭᠡᠨ
ᠰᠠᠳᠤᠨ ᠳᠠᠭᠠᠨ ᠰᠠᠶᠢ ᠳᠠᠨᠢᠭᠳᠠᠨ᠎ᠠ
ᠣᠭᠤᠳᠠ ᠲᠡᠶ ᠭᠤᠯᠢᠷ ᠳᠤᠨᠢ ᠳᠠᠳᠠᠭᠳᠠᠵᠤ
ᠣᠯᠤᠭᠰᠠᠨ ᠫᠢᠶᠤᠤ ᠪᠠᠨ ᠴᠠᠭᠠᠷᠢᠭᠯᠠᠨᠠ
ᠥᠭᠡᠷ ᠳᠠᠰᠢᠭᠤᠷ ᠳᠤᠨᠢ ᠬᠤᠷᠤᠰᠴᠤ
ᠥᠷᠡᠵᠢᠭᠦᠯᠭᠦ ᠳᠡᠮᠳᠡᠭ᠌ ᠶᠢᠡᠷ ᠡᠰᠡᠷᠭᠦᠴᠡᠨ᠎ᠡ᠃
ᠵᠠᠭᠠᠯᠳᠤᠭᠠᠨ ᠤ ᠪᠢᠴᠢᠭ᠌ ᠶᠢᠡᠷ ᠳᠠᠢ᠌ᠨ ᠵᠠᠷᠯᠠᠨ᠎ᠠ
ᠭᠡᠮᠡᠷᠯᠢᠭ᠌ ᠳᠤᠭ ᠶᠢᠡᠷ ᠊ᠭ᠍ᠬᠢᠷ ᠵᠥᠯᠭᠦᠨ᠎ᠡ
ᠵᠠᠷᠭᠤ ᠶᠢᠨ ᠡᠩᠨᠡᠭᠡ ᠮᠦᠷᠤᠪᠴᠢᠯᠠᠨ ᠪᠣᠯᠪᠠᠰᠤᠷᠠᠨ᠎ᠠ
ᠭᠡᠷᠡᠭᠦᠯ ᠤᠨ ᠰᠢᠵᠢᠮ ᠱᠠᠷᠴᠢᠭᠢᠨᠠᠨ ᠨᠤᠴᠤᠨ᠎ᠠ᠃
ᠭᠠᠷᠤᠭᠰᠠᠨ ᠨᠢ ᠫᠣᠤᠵᠠᠩ ᠳᠠᠯᠪᠢᠨ ᠣᠷᠭᠢᠨ᠎ᠠ
ᠣᠨᠠᠭᠰᠠᠨ ᠨᠢ ᠭᠡᠢ ᠳᠠᠯᠪᠢᠨ ᠴᠤᠷᠭᠢᠨᠠ
ᠭᠠᠪᠢᠶ᠎ᠠ ᠲᠡᠶ ᠨᠢ ᠰᠢᠷᠡᠭᠡᠨ ᠳᠡᠭᠡᠭᠦᠷ ᠪᠦᠭᠡᠯᠵᠢᠨ᠎ᠡ
ᠣᠰᠤᠯ ᠲᠡᠶ ᠨᠢ ᠭᠠᠵᠠᠷ ᠳᠤᠤᠭᠤᠷ ᠮᠥᠯᠭᠦᠨᠡ᠃
ᠥᠷᠢᠰᠦᠯᠳᠦᠭᠡᠨ ᠰᠤᠩᠭ᠋ᠤᠭᠤᠯᠢ ᠡᠭᠢᠯᠡᠮᠡᠭ᠍ᠴᠡ
ᠣᠷᠤᠭᠰᠢᠯᠠᠵᠤ ᠶᠤᠭᠤᠭᠠᠤᠨ ᠰᠢᠯᠠᠮᠳᠠᠨᠠ
ᠣᠯᠠᠭᠠᠨ ᠳᠠᠪᠳᠠᠷ ᠶᠢᠡᠨ ᠡᠪᠦᠷᠳᠦᠯᠡᠮᠡᠭ᠍ᠴᠡ
ᠣᠬᠤᠷᠢᠵᠤ ᠰᠠᠭᠤᠭᠠᠤᠨ ᠭᠦᠷᠢᠮᠳᠦᠨᠡ᠃
ᠣᠨᠠᠬᠤ ᠱᠠᠯᠪᠢᠩ ᠢ ᠭᠦᠯᠢᠶᠡᠨ᠎ᠡ
ᠣᠭᠤᠳᠠ ᠲᠡᠶ ᠭᠤᠯᠢᠷ ᠢ ᠰᠠᠭᠢᠨ᠎ᠠ
ᠣᠯᠵᠠ ᠲᠡᠶ ᠥᠭᠡ ᠶᠢ ᠴᠢᠩᠨᠠᠨ᠎ᠠ
ᠣᠷᠰᠢᠭᠳᠠᠢ ᠣᠴᠢᠷ ᠡᠴᠡ ᠳᠤᠳᠠᠭᠠᠨ᠎ᠠ᠃
ᠢᠮᠠᠭ᠎ᠠ ᠮᠠᠢ᠌ᠯᠠᠬᠤ ᠪᠠᠷ ᠶᠢᠡᠨ ᠮᠠᠢ᠌ᠯᠠᠨᠠ
ᠭᠠᠬᠠᠢ ᠴᠢᠷᠠᠯᠠᠬᠤ ᠪᠠᠷ ᠶᠢᠡᠨ ᠴᠢᠷᠠᠯᠠᠨᠠ
ᠨᠤᠬᠠᠢ ᠬᠤᠴᠠᠬᠤ ᠪᠠᠷ ᠶᠢᠡᠨ ᠬᠤᠴᠠᠨ᠎ᠠ
ᠭᠠᠷᠬᠤ ᠨᠢ ᠭᠠᠷᠬᠤ ᠪᠠᠷ ᠶᠢᠡᠨ ᠭᠠᠷᠤᠨ᠎ᠠ
ᠰᠤᠩᠭ᠋ᠤᠭᠤᠯᠢ ᠶᠢᠨ ᠠᠷᠠᠤᠨ ᠰᠤᠨᠠᠢ᠌ᠳᠠᠯᠠ ᠴᠠᠳᠴᠤ
ᠰᠤᠮᠤᠨ ᠤ ᠺᠠᠳᠠᠷ ᠰᠤᠨᠤᠳᠠᠯ᠎ᠠ ᠶᠠᠳᠠᠵᠤ
ᠥᠷᠢᠰᠦᠯᠳᠦᠭ᠍ᠰᠡᠨ ᠡᠳᠡᠭᠡᠳ ᠣᠩᠭ᠋ᠣᠢ᠌ᠳᠠᠯ᠎ᠠ ᠥᠭᠡᠢ᠌ᠷᠡᠵᠤ
ᠥᠴᠦᠭᠡᠨ ᠭᠦᠮᠤᠨ ᠣᠷᠪᠠᠢ᠌ᠳᠠᠯᠠ ᠣᠯᠵᠠᠷᠠᠪᠠ᠃
ᠭᠤᠷᠪᠠᠨ ᠣᠯᠤᠰ ᠤᠨ ᠳᠠᠢ᠌ᠨ ᠤ ᠳᠠᠯᠠᠪᠣᠷ
ᠭᠠᠴᠠᠭ᠎ᠠ ᠶᠢᠨ ᠣᠯᠠᠩᠭᠢᠳ ᠲᠤ ᠳᠠᠭᠢᠨ ᠢᠯᠠᠷᠠᠪᠠᠢ
ᠭᠤᠴᠢᠨ ᠵᠢᠷᠭᠤᠭᠠᠨ ᠴᠡᠷᠢᠭ᠌ ᠤᠨ ᠠᠷᠭ᠎ᠠ
ᠭᠠᠷᠤᠭᠰᠠᠨ ᠴᠥᠭᠡᠩᠭᠢᠳ ᠲᠤ ᠭᠦᠡᠳᠤ ᠭᠡᠷᠡᠭᠯᠡᠭ᠍ᠳᠡᠵᠦᠭᠦᠢ
ᠵᠤᠬᠢᠶᠠᠭᠴᠢ᠄ ᠪᠣᠷᠵᠢᠭᠢᠨ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2009 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ