☆ ᠸᠠᠩᠵᠢᠯ
ᠴᠢᠩᠭᠢᠰ ᠭᠡᠳᠡᠭ ᠦᠭᠡ ᠶᠢᠨ ᠲᠠᠢ᠌ᠯᠪᠤᠷᠢ
ᠴᠢᠩᠭᠢᠰ ᠭᠡᠮᠡᠭᠦ ᠥᠭᠡ ᠶᠢᠨ ᠳᠤᠬᠠᠢ ᠣᠯᠤᠰ ᠤᠨ ᠳᠤᠳᠤᠭᠠᠳᠤ ᠭᠠᠳᠠᠭᠠᠳᠤ ᠶᠢᠨ ᠡᠷᠳᠡᠮᠳᠡᠳ ᠰᠤᠳᠤᠯᠤᠭᠰᠠᠭᠠᠷ ᠳᠠᠢ᠌ᠯᠪᠣᠷᠢᠯᠠᠭᠰᠠᠭᠠᠷ ᠬᠤᠶᠠᠷ ᠵᠠᠭᠤ ᠭᠠᠷᠤᠢ ᠥᠭᠦᠯᠡᠯ ᠨᠡᠢ᠌ᠳᠡᠯᠡᠭᠦᠯᠵᠤ ᠣᠢ᠌ᠯᠠ ᠪᠠᠨ ᠦᠵᠡᠵᠤ ᠦᠰᠦ ᠪᠠᠨ ᠳᠡᠭᠦᠭ᠍ᠰᠡᠨ ᠨᠢ ᠦᠵᠡᠳᠠᠯ᠎ᠠ ᠢᠯᠡᠭᠡᠨ᠃ ᠭᠡᠪᠴᠤ ᠣᠳᠤ ᠪᠣᠯᠳᠠᠯ᠎ᠠ ᠣᠨᠤᠪᠴᠢᠳᠠᠢ ᠳ᠋ᠦ᠋ᠩ ᠬᠠᠷᠠᠬᠠᠨ ᠦᠭᠡᠶ ᠪᠠᠢ᠌ᠭᠰᠠᠭᠠᠷ᠃ ᠡᠢ᠌ᠮᠦᠷᠭᠦ ᠪᠠᠢ᠌ᠳᠠᠯ ᠳᠤ ᠮᠠᠨ ᠤ ᠮᠠᠳᠤ ᠶᠢᠨ ᠥᠴᠦᠭᠡᠨ ᠭᠦᠮᠤᠨ ᠠᠮᠠ ᠨᠡᠭᠡᠭᠡᠵᠤ ᠶᠤᠰᠤ ᠭᠠᠷᠭᠠᠨ᠎ᠠ ᠭᠡᠭ᠍ᠴᠢ ᠥᠨᠡᠭᠡᠷ ᠵᠢᠷᠦᠭᠡ ᠴᠠᠴᠠᠷᠠᠵᠤ ᠡᠪᠦᠳᠦᠭ᠌ ᠨᠤᠭᠤᠷᠠᠮᠠᠷ ᠶᠤᠮ᠃ ᠭᠡᠪᠴᠤ ᠪᠣᠳᠤᠭᠤ ᠶᠢ ᠨᠢ ᠪᠣᠢ᠌ᠯᠠᠭᠤᠯᠵᠤ ᠢᠩᠭᠡ ᠶᠢ ᠨᠢ ᠳᠠᠭᠤᠳᠠᠬᠤ ᠭᠦᠰᠡᠯ᠂ ᠪᠣᠯᠠᠭ ᠤᠨ ᠣᠰᠤ ᠰᠢᠭ ᠪᠣᠷᠭᠢᠯᠬᠤ ᠳᠤᠯᠠ ᠵᠤᠷᠢᠭ ᠶᠢᠡᠨ ᠪᠦᠳᠦᠭᠦᠷᠡᠭᠦᠯᠵᠤ ᠵᠦᠪ ᠢ ᠡᠷᠢᠭᠦ ᠪᠠᠷ ᠪᠢᠴᠢᠭᠦ ᠨᠢ ᠡᠨᠡ ᠪᠢᠯᠠ᠃
ᠳᠤᠬᠠᠢ᠌ᠯᠠᠪᠠᠯ ᠡᠷᠳᠡᠨᠢ ᠳᠤᠪᠴᠢ᠂ ᠠᠯᠳᠠᠨ ᠳᠤᠪᠴᠢ ᠵᠡᠷᠭᠡ ᠳᠡᠦᠭᠡᠨ ᠳᠤᠯᠭᠤᠷ ᠪᠢᠴᠢᠭᠡᠰ ᠲᠤ ᠳᠠᠪᠤᠨ ᠥᠩᠭᠡ ᠶᠢᠨ ᠪᠠᠯᠭᠡᠳᠤ ᠰᠢᠪᠠᠭᠤᠨ ᠨᠢᠰᠤᠨ ᠢᠷᠠᠵᠤ ᠴᠢᠩᠭᠢᠰ ᠴᠢᠩᠭᠢᠰ ᠭᠡᠵᠤ ᠳᠤᠩᠭ᠋ᠤᠳᠤᠭᠰᠠᠨ ᠶᠢᠡᠷ ᠴᠤᠯᠠᠯᠠᠪᠠ ᠭᠡᠳᠡᠭ᠌᠃ ᠡᠨᠡᠭᠦ ᠮᠤᠩᠬᠠᠭ ᠪᠢᠰᠢᠷᠠᠯ ᠤᠨ ᠭᠡᠢ ᠬᠤᠭᠤᠰᠤᠨ ᠶᠠᠷᠢᠶ᠎ᠠ ᠨᠢ ᠥᠭᠦᠯᠡᠭ᠍ᠳᠡᠵᠤ ᠪᠠᠢ᠌ᠭ᠎ᠠ ᠳᠠᠷᠠ ᠦᠶ᠎ᠡ ᠶᠢᠨ ᠪᠦᠭᠡ ᠶᠢᠨ ᠱᠠᠰᠢᠨ ᠳᠤ ᠪᠠᠴᠢᠯᠠᠭᠳᠠᠭᠰᠠᠨ ᠠᠷᠠᠤᠨ ᠲᠦᠮᠡᠨ ᠳᠤ ᠦᠨᠡᠮᠰᠢᠯ ᠢᠳᠡᠭᠡᠯ ᠢ ᠳᠦᠷᠦᠭᠦᠯᠳᠡᠭ᠌ ᠯᠠ ᠶᠤᠮ ᠪᠢᠵᠠ ⁉ ᠦᠨᠦᠳᠤᠷ ᠤᠨ ᠮᠠᠳᠤ ᠰᠢᠡᠵᠢᠯᠡᠭᠦ ᠣᠬᠠᠭᠠᠨ ᠡᠵᠡᠮᠰᠢᠭ᠍ᠰᠡᠨ ᠣᠯᠠᠨ ᠲᠦᠮᠡᠨ ᠢ ᠭᠡᠷᠭᠢᠨ ᠢᠳᠠᠭᠡᠭᠦᠯᠵᠤ ᠴᠢᠳᠠᠬᠤ ᠠᠵᠠᠢ᠃ ᠳᠡᠦᠭᠡ ᠣᠷᠤᠯᠳᠤᠭᠴᠢ ᠨᠥᠭᠦᠷ ᠭᠡ᠊·ᠪᠣᠶᠠᠠᠪᠠᠳᠤ ᠳᠡᠭᠦᠨ ᠤ ᠄ 《ᠴᠢᠩᠭᠢᠰ ᠭᠡᠳᠡᠭ᠌ ᠥᠭᠡ ᠶᠢᠨ ᠣᠴᠢᠷ》 ᠭᠡᠰᠡᠨ ᠥᠭᠦᠯᠡᠯ ᠳᠡᠭᠡᠨ 《ᠪᠦᠭᠡ ᠮᠥᠷᠭᠦᠯᠳᠡᠨ ᠤ ᠰᠢᠳᠦᠭᠡᠨ ᠠᠭᠰᠠᠨ ᠬᠠᠵᠢᠷ ᠴᠢᠩᠭᠡᠰ ᠳᠡᠭ᠍ᠷᠢ ᠭᠡᠳᠡᠭ᠌ ᠨᠢ ᠨᠢᠭᠡᠨ ᠠᠪᠣᠷᠭᠤ ᠪᠦᠳᠦᠭᠦᠨ ᠪᠠᠶ᠎ᠠ ᠲᠡᠶ ᠰᠢᠪᠠᠭᠤ ᠪᠠᠢ᠌ᠯ᠎ᠠ᠃ ᠡᠨᠡ ᠰᠢᠪᠠᠭᠤᠨ ᠤ ᠨᠠᠷᠠ ᠪᠠᠷ ᠨᠡᠷᠡᠯᠡᠭ᠍ᠰᠡᠨ》 (1) ᠭᠡᠵᠤ ᠳᠠᠢ᠌ᠯᠵᠠᠢ᠃ ᠡᠭᠦᠨ᠎ᠡ ᠳᠡᠭᠦᠨ ᠤ ᠥᠭᠦᠯᠡᠯ ᠳ᠋ᠠᠭᠢ ᠬᠠᠵᠢᠷ ᠴᠢᠩᠭᠢᠰ ᠳᠡᠭ᠍ᠷᠢ ᠭᠡᠳᠡᠭ᠌ ᠨᠢ ᠠᠯᠢ ᠳᠡᠦᠭᠡ ᠶᠠᠮᠠᠷ ᠨᠤᠮ ᠳᠤ᠂ ᠠᠪᠣᠷᠭᠤ ᠪᠦᠳᠦᠭᠦᠨ ᠪᠠᠶ᠎ᠠ ᠲᠡᠶ ᠰᠢᠪᠠᠭᠤ ᠪᠠᠢ᠌ᠯ᠎ᠠ ᠭᠡᠰᠡᠨ ᠪᠠᠳᠤ ᠨᠤᠳᠠ ᠲᠡᠶ ᠡᠰᠢᠯᠡᠯ ᠦᠭᠡᠶ᠃ ᠵᠢᠴᠢ ᠡᠨᠡ ᠪᠦᠳᠦᠭᠦᠨ ᠰᠢᠪᠠᠭᠤ ᠨᠢ ᠳ᠋ᠠᠢ ᠰᠠᠴᠠᠨ ᠤ ᠵᠡᠭᠦᠳᠤᠨ ᠳ᠋ᠠᠭᠢ ᠴᠠᠭᠠᠨ ᠱᠤᠩᠬᠤᠷ ᠤᠨ ᠥᠭᠡᠷ᠎ᠡ ᠨᠠᠷᠠᠢ᠌ᠳᠤᠯ ᠭᠡᠭᠦ ᠦᠨᠡᠨ ᠮᠠᠭᠠᠤᠨ ᠲᠡᠶ ᠪᠠᠷᠢᠮᠳᠠᠯᠠᠯ ᠦᠭᠡᠶ ᠪᠠᠢ᠌ᠨ᠎ᠠ᠃ ᠡᠭᠦᠨ ᠡᠴᠡ ᠥᠵᠡᠭᠦᠯ᠎ᠡ ᠮᠦᠨ ᠢᠳᠠᠭᠡᠭᠦᠯᠭᠦ ᠭᠦᠴᠤᠨ ᠦᠵᠡᠳᠠᠯ᠎ᠠ ᠮᠡᠭᠦᠰ᠃
ᠮᠤᠩᠭ᠋ᠤᠯ ᠤᠨ ᠡᠷᠳᠡᠮᠳᠡᠨ ᠴ·ᠳᠠᠮᠳᠢᠠᠰᠦ᠋ᠷᠤᠩ ᠭᠤᠸᠠᠢ᠄ 《ᠮᠤᠩᠭ᠋ᠤᠯᠴᠤᠳ ᠳᠠᠯᠠᠢ ᠳᠠᠩᠭᠢᠰ ᠢ ᠶᠡᠭᠡ ᠭᠡᠰᠡᠨ ᠣᠤᠠᠬ᠎ᠠ ᠪᠠᠷ ᠭᠡᠷᠡᠭᠯᠡᠳᠡᠭ᠌ ᠵᠤᠷᠰᠢᠯ ᠲᠡᠶ ᠳᠤᠯᠠ ᠴᠢᠩᠭᠢᠰ ᠭᠡᠮᠡᠭ᠍ᠴᠢ ᠨᠢ ᠳᠠᠩᠭᠢᠰ ᠪᠣᠶᠤ ᠳᠠᠯᠠᠢ ᠭᠡᠰᠡᠨ ᠣᠤᠠᠬ᠎ᠠ ᠲᠡᠶ ᠥᠭᠡ》 (2) ᠭᠡᠰᠡᠨ ᠪᠠ ᠮᠠᠨ ᠤ ᠣᠷᠤᠨ ᠤ ᠳᠡᠦᠭᠡᠴᠢ ᠷᠢᠠᠴᠢᠠᠺᠠᠧᠨ ᠭᠤᠸᠠᠢ ᠪᠠᠰᠠ ᠡᠷᠳᠡᠮᠳᠡᠨ ᠴ·ᠳᠠᠮᠳᠢᠠᠰᠦ᠋ᠷᠤᠩ ᠤᠨ ᠰᠠᠨᠠᠯ ᠪᠣᠯᠤᠨ ᠳᠠᠯᠠᠢ ᠬᠠᠭᠠᠨ ᠤ ᠳᠠᠮᠠᠭᠠᠨ ᠪᠢᠴᠢᠭ᠌ ᠢ ᠦᠨᠳᠦᠰᠦᠯᠠᠵᠤ ᠮᠦᠨ ᠳᠠᠯᠠᠢ(3) ᠭᠡᠰᠡᠨ ᠣᠤᠠᠬ᠎ᠠ ᠪᠠᠷ ᠳᠠᠢ᠌ᠯᠪᠣᠷᠢᠯᠠᠵᠠᠢ᠃ ᠡᠨᠡ ᠨᠤᠳᠠᠯᠠᠯ ᠨᠢ ᠠᠰᠠᠭᠤᠳᠠᠯ ᠢ ᠵᠦᠪᠭᠡᠨ ᠬᠤᠶᠠᠷ ᠥᠭᠡᠷ᠎ᠡ ᠠᠪᠢᠶᠠᠨ ᠤ ᠬᠤᠪᠢᠯᠪᠣᠷᠢ ᠳᠡᠭᠡᠷ᠎ᠡ ᠡᠴᠡ ᠣᠴᠢᠵᠤ ᠥᠵᠡᠭ᠍ᠰᠡᠨ ᠳᠤᠯᠠ ᠭᠦᠮᠦᠰ ᠢ ᠢᠳᠠᠭᠡᠭᠦᠯᠭᠦ ᠭᠦᠴᠤᠨ ᠶᠢᠡᠷ ᠮᠠᠰᠢ ᠬᠤᠮᠰᠠ ᠪᠠᠢ᠌ᠵᠤ ᠪᠠᠢ᠌ᠨ᠎ᠠ᠃ ᠳᠠᠭᠢᠭᠠᠤᠨ ᠭᠡᠯᠡᠪᠠᠯ 《ᠮᠤᠩᠭ᠋ᠤᠯ ᠭᠡᠯᠡᠨ ᠤ ᠳᠠᠩᠭᠢᠰ ᠪᠠ ᠳᠠᠯᠠᠢ ᠭᠡᠳᠡᠭ᠌ ᠥᠭᠡ ᠪᠣᠯ ᠬᠤᠶᠠᠷ ᠥᠭᠡᠷ᠎ᠡ ᠣᠬᠠᠭᠳᠠᠬᠤᠨ ᠲᠡᠶ ᠥᠭᠡ ᠪᠣᠯᠬᠤ ᠳᠤᠯᠠ ᠳᠠᠷᠠ ᠬᠤᠶᠠᠷ ᠢ ᠬᠤᠭᠤᠷᠤ ᠬᠤᠭᠤᠷᠤᠠᠳᠤ ᠳ᠋ᠤᠨᠢ ᠭᠦᠰᠢᠭᠦᠨ ᠶᠢᠡᠷ ᠬᠤᠯᠪᠣᠵᠤ ᠭᠡᠯᠡᠭᠦ ᠨᠢ ᠳᠠᠳᠣᠢ᠌ᠯᠠ ᠣᠨᠤᠪᠴᠢᠳᠠᠢ ᠪᠢᠰᠢ ᠶᠤᠮ》 (4) ᠭᠡᠰᠡᠨ ᠭᠡ᠊·ᠪᠣᠶᠠᠠᠪᠠᠳᠤ ᠶᠢᠨ ᠵᠠᠳᠠᠯᠤᠯᠳᠠ ᠶᠢ ᠪᠢ ᠳᠤᠩ ᠵᠣᠢ᠌ᠳᠠᠢ ᠭᠡᠵᠤ ᠰᠠᠨᠠᠵᠤ ᠪᠠᠢ᠌ᠨ᠎ᠠ᠃ ᠳᠠᠷᠠᠴᠢᠯᠠᠨ ᠵᠦᠪᠭᠡᠨ 《ᠶᠡᠭᠡ》 《ᠳᠠᠯᠠᠢ》 ᠭᠡᠰᠡᠨ ᠥᠭᠡ ᠨᠢ ᠳᠤᠬᠠᠢ ᠶᠢᠨ 《ᠭᠦᠷ ᠬᠠᠨ》᠂ 《ᠸᠠᠩ ᠬᠠᠨ》᠂ 《ᠳᠠᠶᠠᠩ ᠬᠠᠨ》 ᠪᠠ 《ᠬᠤᠸᠠᠩᠳᠢ》 ᠡᠴᠡ ᠶᠡᠭᠡ ᠭᠡᠰᠡᠨ ᠣᠤᠠᠬ᠎ᠠ ᠶᠢ ᠭᠠᠷᠭᠠᠵᠤ ᠳᠠᠢ᠌ᠯᠤᠨ᠎ᠡ ᠭᠡᠵᠤ ᠦᠦ︖ ᠳᠠᠢ᠌ᠮᠤ ᠡᠴᠡ ᠡᠨᠡ ᠳᠠᠢ᠌ᠯᠪᠣᠷᠢ ᠪᠠᠰᠠ ᠬᠠᠨᠤᠮᠵᠢ ᠮᠠᠭᠤ ᠲᠡᠶ᠃
ᠡᠷᠳᠡᠮᠳᠡᠨ ᠹᠧᠯᠯᠢᠤ ᠭᠤᠸᠠᠢ 《ᠴᠢᠩᠭᠢᠰ ᠢ ᠳᠦᠷᠭᠦᠤᠨ (ᠲ᠋ᠦᠷᠺ) ᠦᠨᠳᠦᠰᠦᠳᠠᠨ ᠤ ᠵᠢᠷᠭᠤᠭᠠᠨ ᠰᠢᠳᠦᠭᠡᠨ ᠪᠣᠯᠤᠭᠰᠠᠨ ᠨᠠᠷᠠᠨ ᠰᠠᠷᠠᠨ ᠣᠳᠤᠨ ᠣᠭᠳᠠᠷᠭᠤᠢ ᠳᠠᠯᠠᠢ ᠳᠠᠩᠭᠢᠰ ᠤᠨ ᠳᠤᠳᠤᠷᠠᠭᠢ ᠳᠠᠩᠭᠢᠰ ᠰᠠᠭᠢᠭᠤᠰᠤ》 (5) ᠭᠡᠮᠡᠭ᠍ᠰᠡᠨ ᠣᠤᠠᠬ᠎ᠠ ᠲᠡᠶ ᠭᠡᠵᠤ ᠳᠠᠢ᠌ᠯᠵᠠᠢ᠃ ᠡᠨᠡ ᠨᠢ ᠮᠦᠨ ᠯᠠ ᠴ·ᠳᠠᠮᠳᠢᠠᠰᠦ᠋ᠷᠤᠩ ᠭᠤᠸᠠᠢ ᠡᠴᠡ ᠣᠠᠳᠤᠤ ᠳ᠋ᠦ᠋ᠩ ᠣᠯᠵᠤ ᠴᠢᠳᠠᠮᠠᠷ ᠦᠭᠡᠶ ᠰᠢᠭ᠌᠃ ᠳᠤᠷᠵᠢ ᠪᠠᠠᠽᠠᠷᠤᠹ ᠭᠤᠸᠠᠢ ᠪᠦᠭᠡ ᠶᠢᠨ ᠳᠠᠭᠤᠳᠠᠯᠭ᠎ᠠ ᠳ᠋ᠠᠭᠢ ᠬᠠᠵᠢᠷ ᠴᠢᠩᠭᠢᠰ ᠳᠡᠭ᠍ᠷᠢ ᠭᠡᠮᠡᠭ᠍ᠰᠡᠨ ᠥᠭᠡ ᠶᠢ ᠦᠨᠳᠦᠰᠦᠯᠠᠵᠤ᠂ ᠳᠤᠭᠰᠢᠨ ᠨᠢ ᠴᠠᠭᠢᠯᠭᠠᠨ ᠮᠠᠳᠤ ᠭᠡᠵᠤ ᠥᠵᠡᠭ᠍ᠰᠡᠨ ᠪᠣᠯᠤᠯᠳᠠᠢ 《ᠭᠡᠷᠡᠯ ᠤᠨ ᠰᠠᠭᠢᠭᠤᠰᠤ》 (6) ᠭᠡᠰᠡᠨ ᠣᠤᠠᠬ᠎ᠠ ᠲᠡᠶ ᠭᠡᠵᠤ ᠳᠠᠢ᠌ᠯᠪᠠ᠃ ᠡᠨᠡ ᠳᠠᠢ᠌ᠯᠪᠣᠷᠢ ᠳᠤ ᠴᠢᠩᠭᠢᠰ ᠢ ᠳᠡᠭ᠍ᠷᠢ ᠭᠡᠵᠤ ᠥᠵᠡᠭ᠍ᠰᠡᠨ ᠮᠠᠶᠢᠭ ᠲᠡᠶ ᠴᠤ ᠵᠦᠪᠭᠡᠨ 《ᠨᠢᠷᠭᠢᠳᠡᠭ᠌ ᠴᠠᠭᠢᠯᠭᠠᠨ》 ᠪᠠᠢ᠌ᠭᠠᠯᠢ ᠶᠢᠨ ᠥᠵᠡᠭ᠍ᠳᠡᠯ ᠶᠢᠡᠷ ᠥᠵᠡᠭ᠍ᠰᠡᠨ ᠳᠤᠯᠠ ᠪᠦᠷᠢᠨ ᠭᠦᠢᠴᠡᠳ ᠪᠢᠰᠢ ᠰᠢᠭ᠌ ᠰᠠᠨᠠᠭᠳᠠᠨ᠎ᠠ᠃ ᠢᠯ ᠬᠠᠭᠠᠠᠳᠤ ᠣᠯᠤᠰ ᠤᠨ ᠠᠯᠳᠠᠷᠳᠤ ᠳᠡᠦᠭᠡᠴᠢᠨ ᠷᠠᠰᠢᠳ᠋ ᠊᠊᠊᠊᠊᠊᠊᠊᠊᠊᠊᠊᠊᠊᠊ ᠠᠳ᠋ ᠊᠊᠊᠊᠊᠊᠊᠊᠊᠊᠊᠊᠊᠊᠊ ᠳ᠋ᠢᠨ᠄ 《ᠴᠢᠩ ᠪᠠᠳᠤ ᠶᠢᠨ ᠴᠢᠩ ᠳᠤ ᠣᠯᠠᠨ ᠳᠤᠭᠠᠨ ᠤ 〈᠊ᠰ〉 ᠳᠠᠭᠠᠪᠣᠷᠢ ᠶᠢ ᠵᠠᠯᠭᠠᠭᠠᠤᠨ ᠴᠢᠩᠭᠢᠰ ᠪᠣᠯᠵᠠᠢ》 (7) ᠭᠡᠵᠡᠢ᠃ ᠡᠨᠡ ᠨᠢ ᠴᠢᠩᠭᠢᠰ ᠬᠠᠭᠠᠨ ᠤ ᠴᠢᠩ ᠵᠤᠷᠢᠭᠳᠤ ᠶᠡᠭᠡ ᠣᠢ᠌ᠯᠠᠰᠳᠠᠨ ᠪᠣᠯᠤᠭᠰᠠᠨ ᠡᠴᠡ ᠳᠠᠭᠠᠮᠠᠭᠯᠠᠨ ᠦᠭᠭᠦᠭ᠍ᠰᠡᠨ ᠳᠠᠳᠤᠢ ᠳᠦᠭᠦᠮ ᠳᠠᠢ᠌ᠯᠪᠣᠷᠢ ᠪᠠᠢ᠌ᠬ᠎ᠠ᠃ ᠮᠠᠨ ᠤ ᠦᠪᠣᠷ ᠮᠤᠩᠭ᠋ᠤᠯ ᠤᠨ ᠳᠡᠦᠭᠡᠴᠢᠨ ᠳᠤᠷᠤᠨᠠᠳᠢᠪ᠄ 《ᠴᠢᠩᠭᠢᠰ ᠭᠡᠮᠡᠭ᠍ᠰᠡᠨ ᠴᠤᠯᠠ᠂ ᠳᠠᠮᠤᠵᠢᠨ ᠭᠡᠮᠡᠭ᠍ᠴᠢ ᠳᠠᠮᠤᠷ ᠤᠨ ᠪᠣᠳᠠ ᠪᠠᠶ᠎ᠠ ᠶᠢ ᠭᠡᠯᠡᠵᠤ᠂ ᠴᠢᠩᠭᠢᠰ ᠭᠡᠮᠡᠭ᠍ᠴᠢ ᠨᠢ ᠳᠡᠭᠦᠨ ᠤ ᠴᠢᠨᠠᠷ ᠢ ᠥᠭᠦᠯᠡᠵᠦᠭᠦᠢ》 (8) ᠭᠡᠵᠡᠢ᠃ ᠡᠨᠡ ᠨᠢ ᠴᠢᠩᠭᠢᠰ ᠭᠡᠳᠡᠭ᠌ ᠥᠭᠡ ᠶᠢᠨ ᠵᠢᠩᠭᠢᠨᠢ ᠦᠪᠡᠷ ᠤᠨ ᠣᠤᠠᠬ᠎ᠠ ᠭᠢᠭᠡᠤᠨ ᠳᠡᠭᠦᠨ ᠤ ᠳᠤᠬᠠᠢ ᠶᠢᠨ ᠨᠡᠢ᠌ᠭᠡᠮ ᠳ᠋ᠠᠭᠢ ᠨᠥᠯᠦᠭᠡ ᠪᠣᠯᠤᠨ ᠪᠠᠢ᠌ᠷᠢ ᠰᠠᠭᠤᠷᠢ᠂ ᠰᠢᠳᠦᠯᠭᠡ ᠪᠣᠯᠤᠭᠰᠠᠨ ᠭᠤᠤᠯ ᠠᠭᠤᠯᠭ᠎ᠠ ᠶᠢ ᠣᠷᠭᠢᠵᠤ ᠵᠦᠪᠭᠡᠨ ᠳᠠᠮᠤᠷ ᠤᠨ ᠴᠢᠩᠭ᠎ᠠ ᠬᠠᠳᠠᠭᠤ ᠭᠦᠡᠳᠤ ᠴᠢᠭᠢᠮᠠᠢ ᠭᠦᠳᠡᠯᠵᠤ ᠭᠡᠮᠭᠡᠷᠡᠰᠢ ᠦᠭᠡᠶ ᠴᠢᠨᠠᠷ ᠶᠢᠡᠷ ᠪᠦᠭᠡᠷᠡᠩᠭᠡᠢ᠌ᠯᠡᠨ ᠳᠠᠢ᠌ᠯᠪᠣᠷᠢᠯᠠᠭᠰᠠᠨ ᠪᠣᠯᠬᠤᠷ ᠣᠨᠤᠭᠠᠯᠳᠠ ᠶᠢᠨ ᠬᠤᠪᠢ ᠳᠤ ᠨᠠᠯᠢᠶᠠᠤᠨ ᠳᠤᠳᠠᠮᠠᠭ ᠰᠢᠭ᠃
ᠬᠠᠷᠢᠨ ᠵᠦᠪᠯᠠᠯᠳᠤ ᠶᠢᠨ ᠠᠯᠳᠠᠷᠳᠤ ᠮᠤᠩᠭ᠋ᠤᠯᠴᠢ ᠡᠷᠳᠡᠮᠳᠡᠨ ᠸᠡᠯᠳᠢᠮᠢᠷᠽᠦᠧ᠄ 《ᠪᠦᠷ ᠡᠷᠳᠡ ᠳᠡᠭᠡᠳᠤ ᠭᠦᠮᠦᠳ ᠤᠨ ᠦᠶᠡᠰ ᠶᠡᠭᠡ ᠣᠩᠭ᠋ᠤᠨ ᠳᠡᠭ᠍ᠷᠢ ᠶᠢ ᠴᠢᠩᠭᠢᠰ ᠭᠡᠮᠡᠵᠤ ᠪᠠᠢ᠌ᠵᠡᠢ》 (9)ᠭᠡᠮᠡᠵᠦᠭᠦᠢ᠃ ᠡᠨᠡ ᠨᠢ ᠣᠨᠤᠯᠳᠠ ᠶᠢᠨ ᠬᠤᠪᠢ ᠳᠤ ᠳᠤᠩ ᠵᠦᠪ ᠣᠨᠤᠪᠴᠢᠳᠠᠢ ᠳᠤᠷᠠᠳᠤᠯᠳᠠ ᠭᠡᠵᠤ ᠨᠠᠳᠠᠳᠤ ᠪᠣᠳᠤᠭᠳᠠᠪᠠ (ᠴᠢᠩᠭᠢᠰ ᠢ ᠳᠠᠢ᠌ᠯᠪᠣᠷᠢᠯᠠᠭᠰᠠᠨ ᠥᠭᠦᠯᠡᠯ ᠮᠠᠰᠢ ᠣᠯᠠᠨ᠂ ᠡᠨᠠ ᠭᠡᠳᠤ ᠪᠠᠷ ᠳᠦᠯᠦᠭᠡᠯᠡᠭᠦᠯᠦᠶᠡ)᠃
ᠳᠡᠭᠡᠷᠡᠭᠢ ᠡᠷᠳᠡᠮᠳᠡᠳ ᠤᠨ ᠰᠤᠳᠤᠯᠭᠠᠨ ᠨᠢ ᠭᠦᠷᠢᠶ᠎ᠡ ᠭᠡᠪᠴᠢᠶ᠎ᠡ ᠴᠢᠨᠠᠷ ᠴᠢᠠᠰᠠᠭ᠎ᠠ ᠶᠢᠨ ᠳᠠᠯ᠎ᠠ ᠪᠠᠷ᠂ ᠶᠡᠭᠡ ᠪᠠᠭ᠎ᠠ ᠭᠦᠨ ᠭᠦᠶᠦᠭᠡᠨ ᠢ ᠭᠡᠯᠡᠭᠦ ᠡᠴᠡ ᠪᠢᠰᠢ ᠪᠦᠷ ᠵᠤᠭᠢᠬᠤ ᠠᠮᠵᠢᠯᠳᠠ ᠣᠯᠤᠭᠰᠠᠨ ᠪᠦᠭᠡᠤᠨ ᠮᠠᠨᠤᠰ ᠲᠤ ᠮᠠᠰᠢ ᠶᠡᠭᠡ ᠰᠡᠩᠭᠡᠷᠡᠭᠦᠯᠦᠯ ᠭᠦᠷᠳᠡᠭᠡᠭ᠍ᠰᠡᠨ ᠶᠤᠮ᠃ ᠳᠡᠢ᠌ᠡᠭᠦ ᠪᠢ ᠡᠨᠡ ᠳᠤᠬᠠᠢ ᠦᠪᠡᠷ ᠤᠨ ᠮᠦᠴᠢᠳ ᠰᠠᠨᠠᠯ ᠶᠢᠡᠨ ᠳᠤᠤᠷ᠎ᠠ ᠳᠡᠯᠭᠡᠵᠤ ᠡᠷᠳᠡᠮᠳᠡᠳ ᠤᠨ ᠵᠢᠭᠠᠨ ᠰᠤᠷᠭᠠᠬᠤ ᠶᠢ ᠭᠦᠰᠡᠨᠡᠮ᠃
ᠳᠤᠤᠷ᠎ᠠ ᠳᠠᠢ᠌ᠯᠪᠣᠷᠢ ᠶᠢ ᠶᠠᠷᠢᠬᠤ ᠡᠴᠡ ᠡᠮᠤᠨ᠎ᠡ ᠥᠭᠦᠯᠡᠯ ᠳᠤ ᠬᠤᠯᠪᠣᠭᠳᠠᠬᠤ ᠬᠤᠶᠠᠷ ᠨᠠᠷᠠᠰ ᠢ ᠳᠠᠢ᠌ᠯᠪᠣᠷᠢᠯᠠᠭᠠᠤᠨ ᠠᠪᠣᠶ᠎ᠠ᠃
ᠵᠠᠭᠠᠷᠢᠨ ᠊᠊᠊᠊᠊᠊᠊᠊᠊᠊᠊᠊᠊᠊᠊ ᠮᠤᠩᠭ᠋ᠤᠯᠴᠤᠳ ᠤᠨ ᠡᠷᠳᠡᠨ ᠤ ᠰᠢᠳᠦᠯᠭᠡ ᠨᠢ ᠪᠦᠭᠡ ᠶᠢᠨ ᠱᠠᠰᠢᠨ ᠪᠣᠯᠤᠨ᠎ᠠ᠃ ᠳᠤᠬᠠᠢ ᠶᠢᠨ ᠴᠠᠭ ᠲᠤ ᠠᠯᠢ ᠨᠢᠭᠡ ᠪᠦᠭᠡ ᠨᠢ ᠪᠦᠭᠡᠯᠡᠭᠦ ᠳᠦᠯᠭᠡᠳᠡᠭᠦ ᠡᠷᠳᠡᠮ ᠴᠢᠳᠠᠯ ᠶᠢᠡᠷ ᠪᠣᠰᠤᠳ ᠡᠴᠡ ᠪᠠᠨ ᠭᠡᠳᠥᠢᠳᠦᠭ᠍ᠰᠡᠨ ᠪᠠᠢ᠌ᠪᠠᠯ ᠳᠡᠭᠦᠨ ᠶᠢᠡᠨ ᠵᠠᠭᠠᠷᠢᠨ ᠭᠡᠵᠤ ᠴᠤᠯᠠᠯᠠᠳᠠᠭ ᠪᠠᠢ᠌ᠵᠠᠢ᠃ ᠡᠨᠡ ᠵᠠᠭᠠᠷᠢᠨ ᠶᠢᠡᠨ ᠳᠤᠬᠠᠢ ᠶᠢᠨ ᠭᠦᠮᠦᠰ᠂ ᠳᠡᠭ᠍ᠷᠢ ᠯᠦᠭᠡ ᠬᠠᠷᠢᠯᠴᠠᠵᠤ ᠴᠢᠳᠠᠳᠠᠭ ᠰᠢᠳᠢᠳᠠᠨ ᠭᠡᠵᠤ ᠣᠢ᠌ᠯᠠᠭᠠᠳᠠᠭ ᠪᠠᠢ᠌ᠵᠠᠢ᠃
ᠳᠡᠭ᠍ᠷᠢ ᠊᠊᠊᠊᠊᠊᠊᠊᠊᠊᠊᠊᠊᠊᠊ ᠳᠠᠷᠠ ᠦᠶ᠎ᠡ ᠪᠦᠭᠡ ᠶᠢᠨ ᠬᠠᠮᠤᠭ ᠤᠨ ᠭᠤᠤᠯ ᠰᠢᠳᠦᠭᠡᠨ ᠨᠢ ᠳᠡᠭ᠍ᠷᠢ ᠪᠣᠯᠤᠨ᠎ᠠ᠃ ᠳᠠᠳᠠ ᠳᠡᠭ᠍ᠷᠢ ᠶᠢ ᠠᠯᠢᠪᠠ ᠶᠢ ᠴᠢᠳᠠᠭᠴᠢ ᠠᠯᠢᠪᠠ ᠶᠢ ᠵᠠᠭᠢᠷᠤᠭᠴᠢ ᠠᠯᠢᠪᠠ ᠶᠢ ᠳᠤᠭᠢᠷᠠᠭᠤᠯᠤᠭᠴᠢ ᠶᠡᠭᠡ ᠰᠢᠳᠦᠭᠡᠨ ᠭᠡᠵᠤ ᠰᠥᠰᠦᠭᠯᠡᠳᠡᠭ᠌ ᠡᠴᠡ ᠣᠷᠴᠢᠯᠠᠩ ᠤᠨ ᠶᠠᠭᠤᠮ᠎ᠠ ᠪᠦᠭᠦᠨ ᠳᠡᠭ᠍ᠷᠢ ᠡᠴᠡ ᠡᠰᠢᠯᠡᠯ ᠲᠡᠶ᠂ ᠳᠡᠭ᠍ᠷᠢ ᠪᠦᠷ ᠵᠠᠭᠢᠷᠴᠤ ᠳᠤᠭᠢᠷᠠᠭᠤᠯᠵᠤ ᠪᠠᠢ᠌ᠳᠠᠭ ᠭᠡᠵᠤ ᠥᠵᠡᠳᠡᠭ᠌ ᠲᠤ ᠣᠷᠤᠰᠢᠨ᠎ᠠ᠃ ᠡᠢ᠌ᠮᠤ ᠡᠴᠡ ᠳᠠᠳᠠᠨᠠᠷ ᠡᠨᠡᠭᠦ ᠳᠡᠭ᠍ᠷᠢ ᠶᠢᠨ ᠰᠦᠷ ᠶᠢᠡᠷ ᠳᠤᠬᠠᠢ ᠶᠢᠨ ᠠᠷᠠᠤᠨ ᠲᠦᠮᠡᠨ ᠢ ᠰᠥᠷᠳᠡᠭᠦᠯᠤᠨ ᠪᠢᠰᠢᠷᠡᠭᠦᠯᠵᠤ ᠦᠪᠡᠷ ᠤᠨ ᠨᠤᠮᠯᠠᠯ ᠳᠠᠭᠠᠨ ᠭᠦᠨ᠎ᠡ ᠣᠷᠤᠭᠤᠯᠵᠤ ᠠᠪᠣᠭᠰᠠᠨ ᠶᠤᠮ᠃ ᠳᠠᠢ᠌ᠮᠤ ᠡᠴᠡ ᠳᠤᠬᠠᠢ ᠶᠢᠨ ᠣᠯᠠᠨ ᠲᠦᠮᠡᠨ ᠪᠦᠭᠡ ᠨᠡᠷ ᠤᠨ ᠥᠭᠡ ᠶᠢ ᠳᠡᠭ᠍ᠷᠢ ᠶᠢᠨ ᠵᠠᠷᠯᠢᠭ ᠶᠢᠡᠷ ᠦᠵᠡᠵᠤ ᠪᠠᠷᠤᠭ ᠥᠭᠦ ᠭᠡᠰᠡᠨ ᠭᠠᠵᠠᠷ ᠳᠤᠨᠢ ᠭᠡᠪᠳᠡᠵᠤ ᠦᠭᠭᠦ ᠭᠡᠮᠵᠢᠶᠡᠨ ᠳᠤ ᠭᠦᠷᠴᠡᠢ᠃
ᠴᠢᠩᠭᠢᠰ ᠭᠡᠳᠡᠭ᠌ ᠥᠭᠡ ᠶᠢ ᠳᠠᠢ᠌ᠯᠬᠤ ᠳᠤ ᠡᠷᠭᠡᠪᠰᠢ ᠳᠤᠬᠠᠢ ᠶᠢᠨ ᠠᠬᠤᠢ ᠪᠣᠯᠤᠨ ᠪᠦᠭᠡ ᠮᠥᠷᠭᠦᠯ ᠤᠨ ᠱᠠᠰᠢᠨ ᠰᠢᠳᠦᠯᠭᠡ ᠲᠡᠶ ᠬᠤᠯᠪᠣᠭᠳᠠᠭᠤᠯᠤᠨ ᠰᠤᠳᠤᠯᠬᠤ ᠨᠢ ᠡᠨᠡ ᠥᠭᠡ ᠶᠢᠨ ᠣᠨᠢᠰᠤ ᠶᠢ ᠨᠡᠭᠡᠭᠡᠭᠦ ᠴᠤᠷᠢ ᠶᠢᠨ ᠭᠠᠭᠴᠠ ᠣᠨᠤᠪᠴᠢᠳᠠᠢ ᠠᠷᠭ᠎ᠠ ᠶᠤᠮ᠃ ᠣᠴᠢᠷ ᠨᠢ ᠳᠠᠮᠤᠵᠢᠨ ᠤ ᠬᠠᠭᠠᠨ ᠰᠠᠭᠤᠬᠤ ᠦᠵᠡᠯ ᠰᠠᠨᠠᠭᠠᠨ ᠤ ᠰᠠᠭᠤᠷᠢ ᠶᠢ ᠨᠢ ᠪᠠᠭᠠᠷᠢᠨ ᠬᠤᠷᠴᠢ ᠣᠰᠤᠨ ᠡᠪᠦᠭᠡᠨ ᠭᠡᠮᠡᠭᠦ ᠳᠤᠮᠤ ᠵᠠᠭᠠᠷᠢᠨ ᠭᠢᠭᠡᠤᠨ ᠬᠤᠩᠬᠤᠳᠠᠨ ᠤ ᠮᠡᠩᠭᠡᠯᠢᠭ᠌ ᠤᠨ ᠭᠦᠪᠠᠭᠦᠨ ᠳᠠᠪ ᠳᠡᠭ᠍ᠷᠢ ᠭᠦᠭᠡᠴᠤ ᠨᠡᠷ ᠪᠦᠳᠦᠭᠡᠵᠤ ᠪᠠᠢ᠌ᠭᠤᠯᠵᠤ ᠦᠭᠭᠦᠭ᠍ᠰᠡᠨ ᠮᠥᠷᠳᠡᠭᠡᠨ ᠴᠢᠩᠭᠢᠰ ᠭᠡᠮᠡᠭᠦ ᠴᠤᠯᠠ ᠶᠢ ᠴᠤ ᠪᠦᠭᠡ ᠨᠡᠷ ᠣᠯᠭᠤᠵᠤ ᠦᠭᠭᠦᠭ᠍ᠰᠡᠨ ᠶᠤᠮ᠃
ᠳᠡᠦᠭᠡ ᠶᠢᠨ ᠳᠠᠯ᠎ᠠ ᠡᠴᠡ 《ᠮᠤᠩᠭ᠋ᠤᠯ ᠤᠨ ᠨᠢᠭᠤᠴᠠ ᠳᠤᠪᠴᠢᠶᠠᠨ》 ᠢ ᠦᠨᠳᠦᠰᠦᠯᠠᠪᠠᠯ᠂ ᠳᠠᠮᠤᠵᠢᠨ ᠢ ᠬᠠᠭᠠᠨ ᠡᠷᠭᠦᠮᠵᠢᠯᠡᠭᠦ ᠦᠶ᠎ᠡ᠂ ᠪᠠᠭᠠᠷᠢᠨ ᠬᠤᠷᠴᠢ ᠣᠰᠤᠨ ᠡᠪᠦᠭᠡᠨ ᠢᠷᠠᠵᠤ ᠥᠭᠦᠯᠡᠷᠤᠨ᠄ 《ᠪᠣᠳᠠᠠᠴᠢᠷ ᠪᠣᠭᠳᠠ ᠶᠢᠨ ᠪᠠᠷᠢᠵᠤ ᠠᠪᠣᠭᠰᠠᠨ ᠡᠮ᠎ᠡ ᠳ᠋ᠠᠴᠠ ᠳᠦᠷᠦᠭ᠍ᠰᠡᠨ ᠵᠠᠮᠤᠬ᠎ᠠ ᠯᠤᠭ᠎ᠠ ᠭᠡᠭᠡᠯᠢ ᠨᠢᠭᠡᠳᠡᠨ ᠭᠡᠭᠡᠢ ᠭᠠᠭᠴᠠᠳᠠᠨ ᠪᠦᠯᠦᠭᠡ ᠪᠠ (ᠪᠢᠳᠠ) ᠵᠠᠮᠤᠬ᠎ᠠ ᠳ᠋ᠠᠴᠠ ᠦᠯᠦ ᠬᠠᠭᠠᠴᠠᠬᠤᠨ ᠪᠦᠯᠦᠭᠡ ᠪᠠ (ᠪᠢᠳᠠ) ᠵᠠᠭᠠᠷᠢᠨ ᠢᠷᠠᠵᠤ ᠨᠠᠳᠤᠷ ᠨᠢᠳᠤᠨ ᠳᠤᠷ ᠶᠢᠡᠨ ᠥᠵᠡᠭᠦᠯᠪᠠᠢ᠃ ᠬᠤᠸᠠᠭᠴᠢᠨ ᠦᠨᠢᠶᠠᠨ ᠢᠷᠠᠵᠤ ᠵᠠᠮᠤᠬ᠎ᠠ ᠶᠢ ᠬᠤᠷᠴᠢᠵᠤ (ᠣᠷᠴᠢᠵᠤ ᠊᠊᠊᠊᠊᠊᠊᠊᠊᠊᠊᠊᠊᠊᠊ ᠳᠤᠭᠤᠷᠢᠵᠤ) ᠶᠠᠪᠣᠵᠤ᠂ ᠭᠡᠷ ᠳᠡᠷᠭᠡᠨ ᠢᠨᠤ ᠮᠥᠷᠭᠦᠯᠡᠭᠡᠤᠨ ᠵᠠᠮᠤᠬ᠎ᠠ ᠶᠢ ᠮᠥᠷᠭᠦᠵᠤ ᠥᠷᠦᠭᠡᠯ (ᠥᠷᠦᠭᠡᠰᠤᠨ) ᠡᠪᠠᠷ ᠢ ᠪᠠᠨ ᠬᠤᠭᠤᠷᠠᠵᠤ ᠰᠤᠯᠵᠢᠷ ᠡᠪᠠᠷ ᠲᠤ ᠪᠣᠯᠵᠤ ᠡᠪᠠᠷ ᠮᠢᠨᠤ ᠠᠴᠠ ᠭᠡᠮᠡᠨ ᠵᠠᠮᠤᠬ᠎ᠠ ᠵᠥᠭ᠌ ᠮᠥᠭᠡᠷᠡᠨ ᠮᠥᠭᠡᠷᠡᠨ ᠰᠢᠷᠤᠢ ᠰᠠᠴᠤᠨ ᠰᠠᠴᠤᠨ ᠪᠠᠢ᠌ᠮᠤ ᠮᠤᠬᠠᠯᠠᠷ (ᠮᠤᠬᠤᠷ) ᠬᠤᠧᠨ ᠭᠦᠭᠡᠷ (ᠥᠭᠡᠷ) ᠶᠡᠭᠡ ᠭᠡᠷᠯᠦᠭᠡ (ᠭᠡᠷ ᠳᠡᠷᠭᠡ) ᠳᠡᠭᠡᠷ᠎ᠡ ᠡᠷᠭᠦᠵᠤ ᠭᠦᠯᠵᠤ ᠵᠢᠭ᠍ᠳᠦᠵᠤ (ᠵᠢᠳᠭᠦᠵᠤ) ᠳᠠᠮᠤᠵᠢᠨ ᠤ ᠬᠣᠢ᠌ᠨ᠎ᠠ ᠡᠴᠡ ᠶᠡᠭᠡ ᠳᠡᠷᠭᠡᠭᠦᠷ (ᠵᠠᠮ) ᠶᠢᠡᠷ ᠮᠥᠭᠡᠷᠡᠨ ᠮᠥᠭᠡᠷᠡᠨ ᠠᠢ᠌ᠰᠤᠷᠤᠨ ᠳᠡᠭ᠍ᠷᠢ ᠭᠠᠵᠠᠷ ᠡᠶᠡᠳᠦᠯᠳᠡᠵᠤ ᠳᠠᠮᠤᠵᠢᠨ ᠢ ᠣᠯᠤᠰ ᠤᠨ ᠡᠵᠡᠨ ᠪᠣᠯᠳᠤᠭᠠᠢ ᠭᠡᠮᠡᠨ ᠣᠯᠤᠰ ᠳᠡᠭᠡᠵᠤ ᠠᠪᠴᠤ ᠠᠢ᠌ᠰᠤᠢ ᠭᠡᠮᠡᠨ ᠵᠠᠭᠠᠷᠢᠳ ᠨᠢᠳᠤᠨ ᠳᠤᠷ ᠥᠵᠡᠭᠦᠯᠵᠤ ᠨᠠᠳᠤᠷ ᠵᠢᠭᠠᠮᠤᠢ》 (10) ᠭᠡᠮᠡᠨ ᠣᠬᠠᠭᠤᠯᠵᠤ ᠪᠠᠢ᠌ᠭᠠᠤᠨ ᠨᠢᠭᠡ ᠯᠠ ᠰᠦᠨᠢ ᠶᠢᠨ ᠳᠤᠳᠤᠷ᠎ᠠ ᠵᠠᠮᠤᠬ᠎ᠠ ᠶᠢᠨ ᠳᠤᠯᠤᠭᠠᠨ ᠶᠡᠭᠡ ᠭᠦᠷᠢᠶ᠎ᠡ ᠢᠷᠭᠡᠨ ᠢ ᠴᠢᠩᠭᠢᠰ ᠲᠤᠷ ᠳᠠᠭᠠᠷ᠎ᠠ ᠢᠷᠡᠭᠦᠯᠪᠠᠢ(11) ᠭᠡᠮᠡᠭ᠍ᠰᠡᠨ ᠪᠠ ᠵᠢᠴᠢ ᠮᠤᠩᠭ᠋ᠤᠯ ᠣᠯᠠᠨ ᠳᠡᠦᠭᠡᠨ ᠪᠢᠴᠢᠭ᠌ ᠲᠤ ᠄ 《ᠳᠡᠭ᠍ᠷᠢ ᠳ᠋ᠠᠴᠠ ᠵᠠᠶᠠᠭᠠᠳᠤ》 (ᠡᠷᠳᠡᠨᠢ ᠳᠤᠪᠴᠢ)᠂ 《ᠳᠡᠭ᠍ᠷᠢ ᠶᠢᠨ ᠭᠦᠪᠠᠭᠦᠨ》 《ᠳᠡᠭ᠍ᠷᠢᠯᠢᠭ᠌ ᠡᠵᠡᠨ》 《ᠥᠨᠡᠩᠭᠦ ᠳᠡᠭ᠍ᠷᠢ ᠶᠢᠨ ᠭᠦᠪᠠᠭᠦᠨ ᠪᠣᠶᠤ》 (ᠨᠢᠭᠤᠴᠠ ᠳᠤᠪᠴᠢᠶᠠᠨ ᠳ᠋ᠤ)᠂ 《ᠶᠠᠷ᠎ᠠ ᠶᠢᠰᠤᠨ ᠳᠡᠭ᠍ᠷᠢ ᠨᠠᠷᠠ ᠶᠢᠨ ᠣᠷᠤᠨ ᠡᠴᠡ ᠪᠠᠭᠤᠵᠤ》 (ᠵᠠᠭᠤᠨ ᠪᠢᠯᠢᠭ᠌) ᠣᠷᠴᠢᠯᠠᠩ ᠳᠡᠯᠡᠭᠡᠢ ᠳᠤ ᠮᠠᠠᠳᠤᠯᠠᠪᠠ ᠭᠡᠳᠡᠭ᠌᠃ ᠡᠳᠡᠭᠡᠷ ᠥᠭᠡᠰ ᠨᠢ ᠴᠦᠮ ᠥᠭᠦᠯᠡᠭ᠍ᠳᠡᠵᠤ ᠪᠠᠢ᠌ᠭ᠎ᠠ ᠳᠠᠷᠠ ᠦᠶ᠎ᠡ ᠶᠢᠨ ᠪᠦᠭᠡ ᠶᠢᠨ ᠱᠠᠰᠢᠨ ᠵᠠᠭᠠᠷᠢᠨ ᠨᠡᠷ ᠤᠨ ᠰᠤᠷᠳᠠᠯ ᠣᠬᠠᠭᠤᠯᠭ᠎ᠠ ᠶᠢᠨ ᠭᠦᠴᠦᠳᠤ ᠨᠤᠮᠯᠠᠯ ᠳᠤᠤᠷ᠎ᠠ ᠪᠣᠢ ᠪᠣᠯᠤᠭᠰᠠᠨ ᠶᠠᠷᠢᠶ᠎ᠠ ᠭᠡᠯᠡᠯᠴᠡᠭᠡ ᠶᠤᠮ᠃ ᠡᠨᠡ ᠨᠢ ᠳᠤᠬᠠᠢ ᠶᠢᠨ ᠠᠷᠠᠤᠨ ᠲᠦᠮᠡᠨ ᠡᠴᠡ ᠳᠠᠮᠤᠵᠢᠨ ᠢ ᠥᠨᠡᠩᠭᠦ ᠳᠡᠭ᠍ᠷᠢ ᠶᠢᠨ ᠭᠦᠪᠠᠭᠦᠨ ᠮᠦᠨ ᠭᠡᠵᠤ ᠢᠳᠡᠭᠡᠵᠤ ᠪᠢᠰᠢᠷᠠᠵᠤ ᠪᠠᠢ᠌ᠭᠰᠠᠨ ᠢ ᠢᠯᠡᠷᠡᠭᠦᠯᠦᠭ᠍ᠰᠡᠨ ᠪᠠᠳᠤ ᠨᠢᠭᠡᠨ ᠨᠤᠳᠠᠯᠠᠯ ᠮᠦᠨ ᠪᠣᠯᠤᠭᠰᠠᠨ ᠪᠦᠭᠡᠤᠨ ᠳᠠᠷᠠᠴᠢᠯᠠᠨ ᠵᠠᠭᠠᠷᠢᠨ ᠨᠡᠷ ᠡᠴᠡ ᠳᠠᠮᠤᠵᠢᠨ ᠪᠣᠯ ᠳᠡᠭ᠍ᠷᠢ ᠶᠢᠨ ᠪᠦᠷᠢᠯᠸ᠎ᠠ ᠮᠦᠨ ᠭᠡᠰᠡᠨ ᠦᠵᠡᠯ ᠰᠠᠨᠠᠭᠠᠨ ᠤ ᠰᠠᠭᠤᠷᠢ ᠶᠢ ᠪᠣᠢ ᠪᠣᠯᠭᠠᠵᠤ ᠥᠭ᠍ᠴᠤ ᠴᠢᠳᠠᠭᠰᠠᠨ ᠤ ᠪᠠᠰᠠ ᠨᠢᠭᠡᠨ ᠭᠡᠷᠡᠴᠢᠯᠡᠯ ᠪᠢᠯᠠ᠃ ᠭᠡᠷᠪᠡ ᠡᠢ᠌ᠮᠤ ᠪᠢᠰᠢ ᠡᠩ ᠤᠨ ᠨᠢᠭᠡᠨ ᠦᠨᠳᠦᠷ ᠲᠤ ᠨᠢᠰᠳᠡᠭ᠌ ᠠᠪᠣᠷᠭᠤ ᠳᠤᠮᠤ ᠪᠠᠶ᠎ᠠ ᠲᠡᠶ ᠰᠢᠪᠠᠭᠤᠨ ᠤ ᠨᠠᠷᠠ ᠭᠡᠳᠡᠭ᠌ ᠶᠤᠮ ᠪᠣᠯ ᠡᠨᠡᠭᠦ ᠪᠦᠭᠦᠳᠡ ᠮᠤᠩᠭ᠋ᠤᠯ ᠤᠨ ᠦᠨᠡᠮᠰᠢᠯ ᠢ ᠭᠦᠡᠳᠦᠳᠡ ᠣᠯᠵᠤ ᠬᠤᠷᠠᠵᠤ ᠲᠠᠭᠠᠨ ᠢᠷᠡᠭᠦ ᠢᠳᠡᠭᠡᠯ ᠪᠢᠰᠢᠷᠠᠯᠳᠤ ᠦᠵᠡᠯ ᠰᠠᠨᠠᠭᠠᠨ ᠤ ᠰᠠᠭᠤᠷᠢ ᠶᠢ ᠭᠡᠷᠭᠢᠨ ᠪᠣᠢ ᠪᠣᠯᠭᠠᠵᠤ ᠴᠢᠳᠠᠬᠤ ᠠᠵᠠᠢ᠃ ᠡᠡᠶᠡᠭᠦᠢᠳᠡᠪᠠᠯ ᠪᠦᠳᠦᠭᠦᠨ ᠰᠢᠪᠠᠭᠤᠨ ᠤ ᠵᠤᠯᠵᠠᠭ᠎ᠠ ᠭᠡᠤᠨ ᠣᠢ᠌ᠯᠠᠭᠠᠭᠤᠯᠴᠢᠵᠤ ᠮᠡᠳᠡᠭᠦ ᠪᠢᠰᠢ ᠦᠦ︖
ᠳᠡᠭᠡᠷᠡᠭᠢ ᠭᠡᠯᠡᠯᠭᠡ ᠡᠴᠡ ᠮᠠᠳᠠᠵᠤ ᠪᠣᠯᠬᠤ ᠨᠢ ᠳᠠᠮᠤᠵᠢᠨ ᠢ ᠬᠠᠭᠠᠨ ᠰᠠᠭᠤᠯᠭᠠᠬᠤ ᠦᠵᠡᠯ ᠰᠠᠨᠠᠭᠠᠨ ᠤ ᠰᠠᠭᠤᠷᠢ ᠶᠢ ᠳᠠᠯᠪᠢᠭᠰᠠᠨ ᠣᠷᠢᠳᠠᠯ ᠢ ᠶᠠᠷᠢᠵᠠᠢ (12) ᠮᠦᠨᠴᠤ ᠳᠠᠮᠤᠵᠢᠨ ᠤ ᠴᠤᠯᠠ ᠶᠢ ᠪᠦᠭᠡ ᠨᠡᠷ ᠡᠴᠡ ᠣᠯᠭᠤᠭᠰᠠᠨ ᠢ ᠮᠠᠳᠠᠵᠤ ᠪᠣᠯᠤᠨ᠎ᠡ᠃ ᠳᠡᠭᠡᠪᠠᠯ ᠦᠪᠡᠷ ᠢ ᠪᠠᠨ ᠳᠡᠭ᠍ᠷᠢ ᠯᠦᠭᠡ ᠬᠠᠷᠢᠯᠴᠠᠵᠤ ᠴᠢᠳᠠᠳᠠᠭ ᠭᠡᠮᠡᠭ᠍ᠴᠢ ᠳᠤᠮᠤ ᠵᠠᠭᠠᠷᠢᠨ ᠪᠦᠭᠡ ᠣᠰᠤᠨ ᠡᠪᠦᠭᠡᠨ ᠭᠢᠭᠡᠤᠨ ᠳᠠᠪ ᠳᠡᠭ᠍ᠷᠢ ᠭᠦᠭᠡᠴᠤ ᠳᠠᠮᠤᠵᠢᠨ ᠳᠤ ᠴᠤᠯᠠ ᠣᠯᠭᠤᠬᠤ ᠳᠠᠭᠠᠨ ᠡᠷᠭᠡᠪᠰᠢ ᠦᠪᠡᠷ ᠤᠨ ᠰᠠᠢ᠌ᠨ ᠮᠡᠳᠡᠳᠡᠭ᠌ ᠭᠤᠤᠯ ᠰᠢᠳᠦᠭᠡᠨ ᠪᠣᠯᠤᠭᠰᠠᠨ ᠳᠡᠭ᠍ᠷᠢ ᠶᠢᠨ ᠡᠷᠳᠡᠨ ᠤ ᠮᠤᠩᠭ᠋ᠤᠯ ᠳᠠᠭᠤᠳᠠᠯᠭ᠎ᠠ ᠴᠢᠩᠭᠢᠰ ᠭᠡᠰᠡᠨ ᠨᠠᠷᠠᠢ᠌ᠳᠤᠯ ᠶᠢᠡᠷ ᠴᠤᠯᠠ ᠡᠷᠭᠦᠮᠵᠢᠯᠡᠭ᠍ᠰᠡᠨ ᠶᠤᠮ᠃ ᠡᠭᠦᠨ ᠢ ᠣᠯᠠᠮ ᠨᠢᠭᠡ ᠠᠯᠬᠤᠮ ᠳᠤᠳᠤᠯᠠᠬᠤ ᠶᠢᠨ ᠳᠦᠯᠦᠭᠡ ᠷᠠᠰᠢᠳ᠋ ᠊᠊᠊᠊᠊᠊᠊᠊᠊᠊᠊᠊᠊᠊᠊ ᠠᠳ᠋ ᠊᠊᠊᠊᠊᠊᠊᠊᠊᠊᠊᠊᠊᠊᠊ ᠳ᠋ᠢᠨ ᠤ 《ᠳᠡᠦᠭᠡ ᠶᠢᠨ ᠴᠢᠭᠤᠯᠭᠠᠨ》 ᠳ᠋ᠠᠭᠢ ᠳᠡᠮᠳᠡᠭᠯᠡᠭᠡᠰᠤ ᠶᠢ ᠠᠪᠴᠤ ᠦᠵᠡᠶ᠎ᠠ᠃ ᠳᠡᠭᠦᠨ᠎ᠡ᠄ 《ᠪᠠᠷᠰ ᠵᠢᠯ ᠳᠠᠮᠤᠵᠢᠨ ᠶᠡᠭᠡ ᠣᠷᠤ ᠰᠠᠭᠤᠬᠤ ᠶᠡᠭᠡ ᠬᠤᠷᠠᠯᠳᠠᠢ ᠳᠡᠭᠡᠷ᠎ᠡ ᠮᠡᠩᠭᠡᠯᠢᠭ᠌ ᠡᠴᠢᠭᠡ ᠶᠢᠨ ᠭᠦᠪᠠᠭᠦᠨ ᠳᠠᠪ ᠳᠡᠭ᠍ᠷᠢ ᠭᠦᠭᠡᠴᠤ ᠭᠡᠮᠡᠭ᠍ᠴᠢ ᠪᠦᠭᠡ᠂ ᠳᠡᠭᠦᠨ ᠳᠤ ᠴᠢᠩᠭᠢᠰ ᠭᠡᠰᠡᠨ ᠴᠤᠯᠠ ᠶᠢ ᠡᠷᠭᠦᠮᠵᠢᠯᠡᠵᠡᠢ》 ᠭᠡᠮᠡᠵᠦᠭᠦᠢ᠃ ᠡᠭᠦᠨ ᠡᠴᠡ ᠦᠵᠡᠪᠠᠯ ᠴᠢᠩᠭᠢᠰ ᠭᠡᠳᠡᠭ᠌ ᠴᠤᠯᠠ ᠶᠢ ᠪᠦᠭᠡ ᠮᠥᠷᠭᠦᠯᠳᠡᠨ ᠡᠴᠡ ᠡᠷᠭᠦᠮᠵᠢᠯᠡᠭ᠍ᠰᠡᠨ ᠨᠢ ᠯᠠᠪᠳᠠᠢ ᠪᠣᠯᠵᠠᠢ᠃ ᠳᠠᠮᠤᠵᠢᠨ ᠴᠤ ᠦᠵᠡᠯ ᠰᠠᠨᠠᠭ᠎ᠠ ᠣᠯᠤᠰ ᠲᠦᠷᠦ ᠶᠢᠨ ᠭᠡᠷᠡᠭ᠍ᠴᠡᠭᠡ ᠱᠠᠭᠠᠷᠳᠠᠯᠭ᠎ᠠ ᠡᠴᠡ ᠪᠣᠯᠵᠤ᠂ ᠪᠦᠭᠡ ᠮᠥᠷᠭᠦᠯᠳᠡᠨ ᠤ ᠠᠯᠢ ᠳᠤᠰᠠᠳᠠᠢ ᠳᠠᠯ᠎ᠠ ᠶᠢ ᠠᠰᠢᠭᠯᠠᠵᠤ᠂ ᠳᠠᠳᠠᠨ ᠤ ᠡᠷᠭᠦᠮᠵᠢᠯᠡᠭ᠍ᠰᠡᠨ 《ᠴᠢᠩᠭᠢᠰ》 ᠭᠡᠰᠡᠨ ᠴᠤᠯᠠ ᠶᠢ ᠨᠢ ᠶᠡᠭᠡᠪᠠᠷ ᠳᠠᠭᠠᠯᠠᠵᠤ ᠳᠤᠷᠠᠳᠠᠢ᠌ᠶ᠎ᠠ ᠭᠦᠯᠢᠶᠡᠨ ᠠᠪᠣᠭᠰᠠᠨ ᠶᠤᠮ᠃
ᠡᠨᠡᠭᠦ ᠭᠡᠯᠪᠠᠷᠢ ᠳᠡᠭᠡᠷᠡᠭᠢ ᠴᠢᠩᠭᠢᠰ ᠭᠢᠭᠡᠤᠨ ᠬᠤᠷᠴᠢ᠂ ᠭᠦᠭᠡᠴᠤ ᠨᠡᠷ ᠤᠨ ᠬᠠᠷᠢᠴᠠᠭ᠎ᠠ ᠨᠢ ᠦᠨᠡᠨ ᠳᠡᠭᠡᠨ ᠮᠤᠩᠭ᠋ᠤᠯ ᠲᠦᠷᠦ ᠪᠣᠯᠤᠨ ᠪᠦᠭᠡ ᠮᠥᠷᠭᠦᠯᠳᠡᠨ ᠤ ᠬᠤᠭᠤᠷᠤᠠᠳᠤᠭᠢ ᠣᠯᠤᠰ ᠲᠦᠷᠦ ᠶᠢᠨ ᠰᠢᠳᠦᠯᠴᠡᠭᠡᠨ ᠶᠤᠮ᠃ ᠳᠠᠮᠤᠵᠢᠨ ᠬᠠᠭᠠᠨ ᠰᠠᠭᠤᠮᠠᠭᠴᠠ ᠬᠤᠷᠴᠢ ᠶᠢ ᠲᠦᠮᠡᠨ ᠤ ᠨᠤᠶᠠᠨ ᠡᠷᠭᠦᠮᠵᠢᠯᠡᠵᠤ᠂ ᠭᠤᠸ᠎ᠠ ᠰᠠᠢ᠌ᠬᠠᠨ ᠭᠤᠴᠢᠨ ᠡᠭᠡᠨᠡᠷ ᠲᠡᠶ ᠪᠣᠯᠭᠠᠭᠰᠠᠨ ᠪᠠ ᠭᠦᠭᠡᠴᠤ ᠶᠢ ᠪᠦᠭᠡ ᠶᠢᠨ ᠱᠠᠰᠢᠠᠳᠠᠨ ᠤ ᠬᠠᠮᠤᠭ ᠳᠡᠭᠡᠳᠤ ᠶᠡᠷᠦᠩᠭᠡᠢ᠌ᠯᠡᠭ᠍ᠴᠢ ᠵᠠᠭᠠᠷᠢᠨ ᠪᠣᠯᠭᠠᠵᠤ᠂ ᠳᠠᠪ ᠳᠡᠭ᠍ᠷᠢ ᠴᠤᠯᠠ ᠬᠠᠢ᠌ᠷᠠᠯᠠᠭᠰᠠᠨ ᠡᠴᠡ ᠮᠠᠳᠠᠵᠤ ᠪᠣᠯᠬᠤ ᠶᠤᠮ᠃
ᠳᠠᠭᠢᠭᠠᠤᠨ ᠭᠡᠯᠡᠪᠠᠯ ᠴᠤᠯᠠ ᠶᠢᠨ ᠳᠤᠬᠠᠢ᠂ ᠳᠤᠬᠠᠢ ᠶᠢᠨ ᠨᠡᠢ᠌ᠭᠡᠮ᠂ ᠣᠷᠴᠢᠨ ᠠᠬᠤᠢ ᠶᠢᠨ ᠱᠠᠭᠠᠷᠳᠠᠯᠭ᠎ᠠ ᠴᠤ ᠭᠦᠡᠳᠤ ᠴᠢᠩᠭ᠎ᠠ ᠱᠠᠭᠠᠷᠳᠠᠯᠭ᠎ᠠ ᠲᠡᠶ ᠪᠠᠢ᠌ᠵᠠᠢ᠃ ᠳᠠᠷᠠ ᠦᠶ᠎ᠡ ᠮᠤᠩᠭ᠋ᠤᠯ ᠤᠨ ᠨᠡᠢ᠌ᠭᠡᠮ ᠨᠢ ᠳᠠᠷᠠᠬᠠᠢ ᠪᠣᠳᠠᠷᠬᠠᠢ ᠪᠠᠢ᠌ᠵᠤ᠂ ᠣᠯᠠᠨ ᠣᠪᠣᠭ ᠠᠢ᠌ᠮᠠᠭ ᠲᠤ ᠪᠦᠷ ᠣᠠᠴᠠᠯᠠᠭᠰᠠᠨ ᠬᠠᠨ ᠴᠤᠯᠠ ᠲᠡᠶ ᠪᠠᠢ᠌ᠵᠠᠢ᠃ ᠳᠤᠬᠠᠢ᠌ᠯᠠᠪᠠᠯ ᠳᠠᠶᠠᠩ ᠬᠠᠨ (ᠨᠢ᠋ᠮᠠᠨ ᠤ)᠂ ᠭᠦᠷ ᠬᠠᠨ (ᠵᠠᠮᠤᠬ᠎ᠠ)᠂ ᠸᠠᠩ ᠬᠠᠨ (ᠭᠡᠷᠡᠢ᠌ᠤᠨ ᠤᠨ) ᠭᠡᠭᠦ ᠮᠠᠳᠤ ᠶᠢᠨ ᠣᠯᠠᠨ ᠪᠠᠢ᠌ᠪᠠ᠃ ᠭᠡᠳᠡᠯ᠎ᠡ ᠡᠳᠡᠭᠡᠷ ᠬᠠᠤᠨ ᠢ ᠳᠠᠮᠤᠵᠢᠨ ᠪᠦᠭᠦᠳᠡ ᠶᠢ ᠵᠢᠯᠤᠭᠤ ᠳᠤᠷ ᠶᠢᠡᠨ ᠣᠷᠤᠭᠤᠯᠵᠤ ᠠᠪᠴᠠᠢ᠃ ᠭᠡᠷᠪᠡ ᠳᠠᠳᠠᠨᠤᠰ ᠤᠨ ᠴᠤᠯᠠ ᠲᠡᠶ ᠲᠡᠩᠴᠡᠬᠦᠤ ᠴᠤᠯᠠ ᠪᠠᠷ ᠡᠷᠭᠦᠮᠵᠢᠯᠡᠳᠡᠭ᠌ ᠶᠤᠮ ᠪᠣᠯ ᠳᠠᠮᠤᠵᠢᠨ ᠢ ᠳᠤᠤᠷᠠᠰᠢᠶᠠᠭᠰᠠᠨ ᠭᠡᠷᠡᠭ᠌ ᠪᠣᠯᠤᠨ᠎ᠠ᠃ ᠣᠴᠢᠷ ᠨᠢ ᠳᠠᠳᠠ ᠪᠦᠷ ᠳᠠᠮᠤᠵᠢᠨ ᠤ ᠬᠠᠷᠢᠶᠠᠳᠤ ᠪᠣᠯᠵᠠᠢ᠃ ᠡᠢ᠌ᠮᠤ ᠪᠠᠢ᠌ᠳᠠᠯ ᠳᠤ ᠳᠠᠮᠤᠵᠢᠨ ᠤ ᠣᠳᠤᠭᠢ ᠣᠯᠤᠭᠰᠠᠨ ᠪᠠᠢ᠌ᠷᠢ ᠰᠠᠭᠤᠷᠢ ᠳᠤ ᠵᠤᠭᠢᠴᠠᠨ ᠳᠡᠩᠴᠡᠭ᠍ᠰᠡᠨ (ᠲ᠋ᠡᠳᠡᠭᠡᠷ ᠬᠠᠤᠨ ᠤᠨ ᠴᠤᠯᠠ ᠡᠴᠡ ᠳᠠᠪᠠᠭᠰᠠᠨ) ᠴᠤᠯᠠ ᠪᠣᠶᠤ ᠠᠳᠠᠭ ᠲᠠᠭᠠᠨ ᠭᠢᠳᠠᠤᠨ ᠤᠨ ᠬᠤᠸᠠᠩᠳᠢ ᠲᠡᠶ ᠲᠡᠩᠴᠡᠬᠦᠤ ᠪᠣᠶᠤ ᠳᠡᠭᠦᠨ ᠡᠴᠡ ᠥᠯᠡᠭᠦᠤ ᠣᠤᠠᠬ᠎ᠠ ᠪᠦᠭᠦᠢ ᠴᠤᠯᠠ ᠣᠯᠭᠤᠬᠤ ᠭᠡᠷᠡᠭ᠍ᠴᠡᠭᠡ ᠱᠠᠭᠠᠷᠳᠠᠯᠭ᠎ᠠ ᠳᠤᠯᠭᠠᠷᠠᠵᠠᠢ᠃ ᠳᠠᠢ᠌ᠨ ᠭᠦ ᠪᠦᠭᠡ ᠶᠢᠨ ᠱᠠᠰᠢᠠᠳᠠᠨ ᠡᠴᠡ ᠳᠠᠳᠠᠨ ᠤ ᠭᠤᠤᠯ ᠰᠢᠳᠦᠭᠡᠨ ᠪᠣᠯᠤᠭᠰᠠᠨ ᠮᠥᠩᠭᠡ ᠭᠦᠭᠡ ᠳᠡᠭ᠍ᠷᠢ ᠶᠢᠨ ᠡᠷᠳᠡᠨ ᠤ ᠬᠠᠭᠤᠴᠢᠨ ᠮᠤᠩᠭ᠋ᠤᠯ ᠨᠠᠷᠠᠢ᠌ᠳᠤᠯ ᠶᠢᠡᠷ ᠨᠢ ᠴᠤᠯᠠᠯᠠᠭᠰᠠᠨ ᠶᠤᠮ᠃ ᠳᠤᠬᠠᠢ ᠶᠢᠨ ᠭᠦᠮᠦᠡᠴᠦᠳ ᠤᠨ ᠣᠢ᠌ᠯᠠᠭᠠᠯᠳᠠ ᠪᠠᠷ ᠳᠡᠭ᠍ᠷᠢ ᠪᠣᠯ ᠭᠠᠵᠠᠷ ᠤᠨ ᠪᠦᠮᠪᠦᠷᠴᠡᠭ᠌ ᠤᠨ ᠭᠠᠳᠠᠭᠤᠷ ᠭᠦᠮᠦᠷᠢᠨ ᠳᠤᠭᠳᠠᠭᠰᠠᠨ ᠳᠠᠮᠤᠷ ᠪᠦᠳᠦᠴᠡ ᠲᠡᠶ ᠬᠠᠮᠤᠭ ᠤᠨ ᠳᠤᠮᠤ ᠭᠦᠩᠭᠦᠭᠡᠷ ᠶᠠᠭᠤᠮ᠎ᠠ ᠭᠡᠮᠡᠨ ᠣᠢ᠌ᠯᠠᠭᠠᠵᠤ ᠪᠠᠢ᠌ᠵᠠᠢ᠃ ᠡᠢ᠌ᠮᠤ ᠡᠴᠡ ᠣᠷᠴᠢᠯᠠᠩ ᠳᠡᠯᠡᠭᠡᠢ ᠳᠤ ᠳᠡᠭ᠍ᠷᠢ ᠡᠴᠡ ᠳᠤᠮᠤ᠂ ᠳᠡᠭ᠍ᠷᠢ ᠡᠴᠡ ᠴᠢᠳᠠᠯ ᠲᠡᠶ᠂ ᠳᠡᠭ᠍ᠷᠢ ᠡᠴᠡ ᠰᠦᠷ ᠲᠡᠶ ᠶᠠᠭᠤᠮ᠎ᠠ ᠥᠭᠡᠷ᠎ᠡ ᠦᠭᠡᠶ ᠭᠡᠮᠡᠭ᠍ᠰᠡᠨ ᠡᠷᠳᠡᠨ ᠤ ᠣᠢ᠌ᠯᠠᠭᠠᠯᠳᠠ ᠶᠢ ᠦᠨᠳᠦᠰᠦᠯᠠᠵᠤ ᠡᠨᠡ ᠴᠤᠯᠠ ᠶᠢ ᠣᠯᠭᠤᠭᠰᠠᠨ ᠶᠤᠮ᠃ ᠡᠨᠡ ᠪᠣᠯ ᠴᠢᠩᠭᠢᠰ ᠭᠡᠳᠡᠭ᠌ ᠴᠤᠯᠠ ᠶᠢ ᠡᠷᠭᠦᠮᠵᠢᠯᠡᠭ᠍ᠰᠡᠨ ᠤ ᠪᠣᠳᠠᠳᠤ ᠠᠬᠤᠢ ᠪᠠᠢ᠌ᠳᠠᠯ ᠤᠨ ᠪᠠᠰᠠ ᠨᠢᠭᠡᠨ ᠭᠡᠷᠡᠴᠢᠯᠡᠯ ᠶᠤᠮ᠃
ᠳᠡᠭᠡᠷ᠎ᠡ ᠶᠠᠷᠢᠭᠰᠠᠨ ᠡᠴᠡ ᠦᠵᠡᠪᠠᠯ ᠴᠢᠩᠭᠢᠰ ᠭᠡᠳᠡᠭ᠌ ᠥᠭᠡ ᠨᠢ ᠡᠷᠭᠡᠪᠰᠢ ᠨᠢᠭᠡᠨ ᠳᠡᠭ᠍ᠷᠢ ᠶᠢᠨ ᠨᠠᠷᠠᠢ᠌ᠳᠤᠯ ᠪᠣᠯᠬᠤ ᠶᠢ ᠮᠠᠳᠠᠯ᠎ᠠ᠃ ᠳᠡᠭᠡᠪᠠᠯ ᠣᠳᠤ ᠠᠯᠢ ᠦᠶ᠎ᠡ᠂ ᠶᠠᠭᠤᠨ ᠭᠡᠵᠤ ᠳᠡᠭ᠍ᠷᠢ ᠶᠢ ᠴᠢᠩᠭᠢᠰ ᠭᠡᠵᠤ ᠭᠡᠯᠡᠵᠤ ᠪᠠᠢ᠌ᠭᠰᠠᠨ ᠶᠤᠮ ᠪᠣᠢ︖ ᠭᠡᠰᠡᠨ ᠠᠰᠠᠭᠤᠯᠳᠠ ᠣᠬᠤᠴᠢᠯᠠᠭᠳᠠᠨᠠ᠃
ᠳᠡᠭᠡᠷ᠎ᠡ ᠪᠢᠳᠠ 《ᠵᠦᠪᠯᠠᠯᠳᠤ ᠶᠢᠨ ᠮᠤᠩᠭ᠋ᠤᠯᠴᠢ ᠡᠷᠳᠡᠮᠳᠡᠨ ᠸᠡᠯᠳᠢᠮᠢᠷᠽᠦᠧ᠄ 〈ᠪᠦᠷ ᠡᠷᠳᠡ ᠳᠡᠭᠡᠳᠤ ᠭᠦᠮᠦᠳ ᠤᠨ ᠦᠶᠡᠰ ᠶᠡᠭᠡ ᠣᠩᠭ᠋ᠤᠨ ᠳᠡᠭ᠍ᠷᠢ ᠶᠢ ᠴᠢᠩᠭᠢᠰ ᠭᠡᠮᠡᠵᠤ ᠪᠠᠢ᠌ᠵᠠᠢ〉 ᠭᠡᠮᠡᠵᠦᠭᠦᠢ᠃ ᠡᠨᠡ ᠪᠣᠯ ᠳᠤᠩ ᠣᠨᠤᠪᠴᠢᠳᠠᠢ ᠣᠨᠤᠰᠢᠯᠳᠠ ᠶᠤᠮ》 ᠭᠡᠵᠤ ᠭᠡᠯᠡᠭ᠍ᠰᠡᠨ ᠪᠢᠯᠠ᠃ ᠮᠤᠩᠭ᠋ᠤᠯᠴᠤᠳ ᠪᠦᠷ ᠡᠷᠳᠡ ᠳᠡᠭᠡᠷ᠎ᠡ ᠦᠶ᠎ᠡ ᠡᠴᠡ ᠪᠠᠨ ᠡᠭᠢᠯᠡᠨ ᠡᠳᠦᠭᠡ ᠳᠤ ᠭᠦᠷᠳᠡᠯ᠎ᠡ ᠠᠯᠢᠪᠠ ᠶᠠᠭᠤᠮ᠎ᠠ ᠶᠢ ᠨᠡᠷᠡᠯᠡᠭᠦ ᠳᠡᠭᠡᠨ ᠳᠡᠭᠦᠨ ᠤ ᠥᠩᠭᠡ ᠵᠢᠰᠤᠮ ᠳᠦᠷᠭᠦ ᠪᠠᠢ᠌ᠳᠠᠯ ᠶᠢᠡᠷ ᠨᠢ ᠨᠡᠷᠡᠯᠡᠳᠡᠭ᠌ ᠵᠤᠷᠰᠢᠯ ᠲᠡᠶ ᠪᠠᠢ᠌ᠳᠠᠭ᠃ ᠣᠢ᠌ᠯᠠᠤᠠᠪᠣᠷᠢᠯᠠᠯ ᠤᠨ ᠭᠦᠴᠤᠨ ᠤ ᠭᠦᠭ᠍ᠵᠢᠯ ᠬᠠᠷᠠᠬᠠᠨ ᠪᠠᠭᠤᠷᠠᠢ ᠪᠠᠢ᠌ᠭᠰᠠᠨ ᠭᠦᠮᠦᠳ ᠤᠨ ᠠᠩᠬ᠎ᠠ ᠦᠶ᠎ᠡ ᠶᠢᠨ ᠮᠤᠩᠭ᠋ᠤᠯᠴᠤᠳ ᠨᠢ ᠪᠠᠢ᠌ᠭᠠᠯᠢ ᠶᠢᠷᠳᠢᠠᠴᠤ ᠶᠢᠨ ᠳᠤᠬᠠᠢ᠂ ᠳᠤᠬᠠᠢ᠌ᠯᠠᠪᠠᠯ ᠳᠡᠭ᠍ᠷᠢ ᠶᠢᠨ ᠳᠤᠬᠠᠢ ᠳᠠᠨᠢᠯᠳᠠ ᠣᠢ᠌ᠯᠠᠭᠠᠯᠳᠠ ᠳᠤᠩ ᠪᠠᠯᠠᠷᠬᠠᠢ ᠡᠴᠡ ᠪᠠᠢ᠌ᠵᠤ ᠣᠭᠳᠠᠷᠭᠤᠢ ᠳ᠋ᠠᠭᠢ ᠡᠩ ᠦᠭᠡᠶ ᠥᠷᠭᠡᠨ ᠶᠡᠭᠡ ᠴᠡᠩᠭᠡᠷ ᠢ ᠥᠵᠡᠭᠡᠤᠨ ᠳᠠᠨᠢᠵᠤ ᠳᠡᠢ᠌ᠯᠭᠦ ᠦᠭᠡᠶ ᠮᠥᠷᠳᠡᠭᠡᠨ ᠶᠠᠭᠠᠭᠢᠵᠤ ᠨᠡᠷᠡᠯᠡᠭᠦ ᠪᠠᠨ ᠴᠤ ᠣᠯᠬᠤ ᠦᠭᠡᠶ ᠪᠠᠢ᠌ᠭᠰᠠᠨ ᠨᠢ ᠳᠠᠮᠵᠢᠭ ᠦᠭᠡᠶ᠃ ᠭᠡᠪᠠᠴᠤ ᠣᠯᠠᠨ ᠮᠢᠩᠭ᠋ᠠᠨ ᠵᠢᠯ ᠤᠨ ᠠᠮᠢᠳᠤᠷᠠᠯ ᠳᠠᠮᠠᠴᠠᠯ ᠤᠨ ᠳᠤᠮᠳᠠ ᠳᠠᠨᠢᠨ ᠮᠡᠳᠡᠷᠡᠭᠦᠢ ᠶᠢᠨ ᠶᠠᠪᠣᠴᠠ ᠳᠠᠭᠠᠨ ᠣᠷᠤᠢ ᠳᠡᠭᠡᠷᠡᠭᠢ ᠡᠩ ᠦᠭᠡᠶ ᠶᠡᠭᠡ ᠭᠦᠭᠡ ᠴᠡᠩᠭᠡᠷ ᠲᠡᠭᠡᠨ ᠡᠪᠦᠭᠡ ᠭᠡᠯᠡᠨ ᠤ ᠵᠠᠩᠰᠢᠯ ᠶᠢᠡᠨ ᠵᠢᠷᠤᠮᠯᠠᠵᠤ᠂ ᠳᠡᠭᠦᠨ (ᠲ᠋ᠡᠭ᠍ᠷᠢ) ᠊ᠤ ᠡᠩ ᠦᠭᠡᠶ ᠥᠷᠭᠡᠨ ᠴᠡᠩᠭᠡᠷ ᠥᠩᠭᠡ ᠪᠠᠷ ᠨᠢ ᠬᠤᠷᠢᠶᠠᠩᠭ᠋ᠣᠢ᠌ᠯᠠᠵᠤ ᠴᠢᠩᠭᠢᠰ ᠭᠡᠮᠡᠨ ᠨᠠᠷᠠᠯᠠᠵᠤ ᠪᠠᠢ᠌ᠭᠰᠠᠨ ᠠᠵᠤᠭᠤ᠃ ᠡᠭᠦᠨ᠎ᠡ ᠴᠡᠩᠭᠡᠷ ᠨᠢ ᠶᠠᠭᠠᠭᠢᠭᠠᠤᠨ ᠴᠢᠩᠭᠢᠰ ᠪᠣᠯᠤᠭᠰᠠᠨ ᠪᠣᠢ ⁉ ᠭᠡᠪᠠᠯ ᠴᠠ᠊᠂ ᠴᠢ᠊ ᠬᠤᠶᠠᠷ ᠶᠠᠷᠤᠨᠢ ᠮᠠᠨ ᠤ ᠡᠪᠦᠭᠡ ᠭᠡᠯᠡᠨ ᠳᠤ ᠬᠤᠤᠠᠬᠤᠯᠳᠤᠨ ᠭᠡᠯᠡᠭ᠍ᠳᠡᠵᠤ ᠰᠡᠯᠭᠦᠯᠵᠤ ᠪᠠᠢ᠌ᠭᠰᠠᠨ ᠶᠢᠡᠷ ᠦᠯᠦ ᠪᠠᠷᠠᠨ ᠣᠳᠤ ᠴᠤ ᠭᠡᠰᠡᠨ ᠰᠡᠯᠭᠦᠯᠡᠭ᠍ᠳᠡᠨ ᠢᠳᠠᠪᠭᠢᠳᠠᠢ ᠭᠡᠯᠡᠭ᠍ᠳᠡᠵᠤ ᠪᠠᠢ᠌ᠭ᠎ᠠ ᠭᠠᠵᠠᠷ ᠪᠣᠢ᠃ ᠳᠤᠬᠠᠢ᠌ᠯᠠᠪᠠᠯ ᠣᠳᠤᠭᠢ ᠪᠠᠭᠠᠷᠢᠠᠴᠤᠳ ᠤᠨ ᠶᠠᠷᠢᠯᠴᠠᠭᠠᠨ ᠳᠤ ᠴᠡᠩᠭᠡᠷ ᠢ ᠴᠢᠩᠭᠢᠷ ᠭᠡᠵᠤ᠂ ᠴᠢᠩᠭᠢᠭᠡᠤᠨ ᠢ ᠴᠡᠩᠭᠡᠭᠡᠤᠨ ᠭᠡᠵᠤ ᠭᠡᠯᠡᠵᠤ ᠪᠠᠢ᠌ᠭ᠎ᠠ ᠶᠢ ᠠᠵᠢᠭᠯᠠᠮᠤ᠃ ᠊ᠷ ᠪᠠ ᠊ᠰ ᠳᠡᠪᠢᠰᠭᠡᠷ ᠤᠨ ᠳᠤᠬᠠᠢ ᠭᠡᠪᠠᠯ᠂ ᠮᠠᠨ ᠤ ᠮᠤᠩᠭ᠋ᠤᠯ ᠤᠨ ᠡᠷᠳᠡᠨ ᠤ ᠭᠡᠯᠡᠨ ᠳᠤ ᠳᠤᠰ ᠳᠡᠪᠢᠰᠭᠡᠷ ᠨᠤᠭᠦᠳ ᠶᠢᠡᠷ ᠶᠠᠭᠤᠮ᠎ᠠ ᠶᠢᠨ ᠭᠠᠭᠴᠠ ᠪᠠ ᠣᠯᠠᠨ ᠳᠤᠭ᠎ᠠ ᠶᠢ ᠢᠯᠭᠠᠨ ᠥᠵᠡᠭᠦᠯᠳᠡᠭ᠌ ᠵᠢᠱᠢᠶ᠎ᠠ ᠴᠥᠭᠡᠨ ᠪᠣᠰᠤ ᠪᠠᠢ᠌ᠳᠠᠭ᠃ ᠵᠢᠱᠢᠶᠠᠯᠠᠪᠠᠯ᠄ ᠣᠢ᠌ᠭᠤᠷ᠂ ᠰᠦᠯᠳᠡᠷ (ᠭᠠᠭᠴᠠ ᠳᠤᠭ᠎ᠠ)᠂ ᠣᠢ᠌ᠭᠤᠰ᠂ ᠰᠦᠯᠳᠡᠰ (ᠣᠯᠠᠨ ᠳᠤᠭ᠎ᠠ) ᠭᠡᠵᠤ ᠪᠢᠴᠢᠳᠡᠭ᠌ ᠲᠡᠶ ᠠᠳᠠᠯᠢ ᠪᠠᠷ ᠴᠢᠩᠭᠢᠰ ᠨᠢ ᠴᠡᠩᠭᠡᠷ ᠤᠨ ᠣᠯᠠᠨ ᠳᠤᠭ᠎ᠠ ᠶᠢ ᠥᠵᠡᠭᠦᠯᠦᠭ᠍ᠰᠡᠨ ᠶᠤᠮ᠃
ᠳᠠᠭᠢᠭᠠᠤᠨ ᠭᠡᠯᠡᠪᠠᠯ ᠣᠳᠤ ᠶᠢᠨ ᠭᠡᠷᠡᠭᠯᠡᠵᠤ ᠪᠠᠢ᠌ᠭ᠎ᠠ 《ᠳᠡᠭ᠍ᠷᠢ》 ᠭᠡᠳᠡᠭ᠌ ᠥᠭᠡ ᠪᠣᠯ ᠵᠢᠩᠭᠢᠨᠢ ᠮᠤᠩᠭ᠋ᠤᠯ ᠥᠭᠡ ᠪᠢᠰᠢ᠂ ᠬᠠᠷᠢᠨ ᠡᠨᠡ ᠥᠭᠡ ᠭᠦᠮᠦᠳ ᠤᠨ ᠦᠶ᠎ᠡ ᠡᠴᠡ ᠬᠤᠯᠠ ᠬᠤᠵᠢᠮ ᠮᠤᠩᠭ᠋ᠤᠯᠴᠤᠳ ᠳᠦᠷᠭᠦᠤᠨ (ᠲ᠋ᠦᠷᠺ) ᠲᠤ ᠡᠷᠭᠡᠰᠢᠶᠡᠭ᠍ᠳᠡᠵᠤ ᠪᠠᠢ᠌ᠭᠰᠠᠨ ᠦᠶ᠎ᠡ᠂ ᠮᠠᠨ ᠤ ᠭᠡᠯᠡᠨ ᠳᠤ ᠵᠢᠭᠡᠯᠡᠭ᠍ᠳᠡᠨ ᠣᠷᠤᠵᠤ ᠢᠷᠠᠨ ᠭᠡᠪᠰᠢᠨ ᠰᠢᠩᠭᠡᠭ᠍ᠰᠡᠨ ᠶᠤᠮ᠃ ᠳᠡᠭᠡᠪᠠᠯ ᠮᠠᠨ ᠤ ᠮᠤᠩᠭ᠋ᠤᠯᠴᠤᠳ ᠨᠢ ᠪᠠᠯᠠᠷ ᠴᠠᠭ ᠡᠴᠡ ᠳᠦᠷᠭᠦᠤᠨ ᠲᠤ ᠨᠤᠶᠠᠯᠠᠭᠳᠠᠵᠤ ᠪᠠᠢ᠌ᠭᠰᠠᠨ ᠮᠠᠨ ᠤ ᠡᠷᠡᠨ ᠤ ᠵᠢᠷᠭᠤᠭ᠎ᠠ ᠊᠊᠊᠊᠊᠊᠊᠊᠊᠊᠊᠊᠊᠊᠊ ᠳᠤᠯᠤᠳᠤᠭᠠᠷ ᠵᠠᠭᠤᠨ ᠳᠤ ᠭᠦᠷᠴᠤ ᠢᠷᠠᠳᠠᠯ᠎ᠠ ᠳᠡᠭ᠍ᠷᠢ ᠳᠤ ᠨᠢᠭᠡ ᠴᠤ ᠨᠠᠷᠠ ᠥᠭ᠍ᠴᠤ ᠴᠢᠳᠠᠯ ᠦᠭᠡᠶ ᠣᠯᠠᠨ ᠮᠢᠩᠭ᠋ᠠᠨ ᠵᠢᠯ ᠢ ᠥᠩᠭᠡᠷᠡᠭᠡᠵᠤ ᠢᠷᠠᠯ᠎ᠠ ᠭᠡᠵᠤ ᠦᠦ⁉ ᠪᠢᠰᠢ ᠶᠤᠮ᠃ ᠡᠭᠦᠡᠴᠡ ᠦᠵᠡᠪᠠᠯ ᠳᠦᠷᠭᠦᠤᠨ ᠡᠴᠡ ᠡᠮᠤᠨ᠎ᠡ ᠮᠠᠨ ᠤ ᠮᠤᠩᠭ᠋ᠤᠯᠴᠤᠳ ᠳᠡᠭ᠍ᠷᠢ ᠶᠢ ᠴᠢᠩᠭᠢᠰ ᠭᠡᠵᠤ ᠨᠠᠷᠠᠯᠠᠵᠤ ᠪᠠᠢ᠌ᠭᠰᠠᠨ ᠨᠢ ᠦᠵᠡᠳᠠᠯ᠎ᠠ ᠢᠯᠡᠭᠡᠨ᠃ ᠳᠡᠭᠡᠪᠠᠯ ᠪᠠᠰᠠ ᠨᠢᠭᠡᠨ ᠪᠣᠳᠠᠳᠤ ᠵᠢᠱᠢᠶ᠎ᠠ ᠪᠠᠷ ᠪᠠᠳᠤᠯᠠᠵᠤ ᠦᠵᠡᠶ᠎ᠠ᠄ ᠡᠷᠳᠡᠨ ᠤ ᠪᠦᠭᠡ ᠶᠢᠨ ᠱᠠᠰᠢᠠᠳᠠᠨ ᠤ ᠭᠠᠯ ᠤᠨ ᠢᠷᠦᠭᠡᠯ ᠳᠤ᠄ 《ᠴᠢᠩᠭᠢᠰ ᠳᠠᠮᠤᠷ ᠡᠴᠢᠭᠡ ᠳᠤ᠂ ᠴᠢᠩ ᠴᠢᠯᠠᠭᠤᠨ ᠡᠭᠡ ᠳᠤ》 ᠭᠡᠰᠡᠨ ᠥᠭᠡ ᠪᠠᠢ᠌ᠳᠠᠭ᠃ ᠡᠨᠡ ᠪᠣᠯ ᠳᠠᠷᠤᠢ ᠭᠡᠳᠡ ᠳᠤ ᠰᠠᠭᠤᠷᠢᠯᠠᠨ ᠵᠤᠬᠢᠶᠠᠭᠰᠠᠨ ᠢᠷᠦᠭᠡᠯ ᠶᠤᠮ᠃ ᠮᠠᠨ ᠤ ᠮᠤᠩᠭ᠋ᠤᠯᠴᠤᠳ ᠤᠨ ᠭᠠᠯ ᠤᠨ ᠡᠭᠦᠰᠭᠡᠯ ᠨᠢ ᠭᠦᠷᠰᠢ ᠵᠡᠷᠭᠡᠯᠳᠡᠭᠡ ᠠᠯᠢ ᠴᠤ ᠦᠨᠳᠦᠰᠦᠳᠠᠨ ᠨᠤᠭᠦᠳ ᠡᠴᠡ ᠬᠤᠯᠠ ᠡᠮᠤᠨ᠎ᠡ ᠪᠣᠢ ᠪᠣᠯᠤᠭᠰᠠᠨ ᠭᠡᠳᠡᠭ᠌ ᠮᠡᠳᠡᠭᠡ ᠪᠣᠢ᠃ ᠳᠠᠳᠠ ᠴᠢᠯᠠᠭᠤ ᠴᠢᠯᠠᠭᠤᠨ ᠤ ᠬᠠᠷᠭᠤᠯᠳᠠ ᠪᠣᠶᠤ ᠳᠠᠮᠤᠷ ᠴᠢᠯᠠᠭᠤ ᠬᠤᠶᠠᠷ ᠤᠨ ᠬᠠᠷᠭᠤᠯᠳᠠ ᠡᠴᠡ ᠭᠠᠯ ᠤᠨ ᠣᠴᠢ ᠥᠰᠦᠷᠳᠡᠭ᠌ ᠢ ᠣᠯᠵᠤ ᠦᠵᠡᠨ ᠣᠯᠠᠠᠳᠠ ᠥᠢᠯᠡᠳᠦᠯᠭᠡᠵᠢᠭᠦᠯᠵᠤ ᠪᠠᠢ᠌ᠭᠠᠤᠨ ᠭᠠᠯ ᠭᠠᠷᠭᠠᠨ ᠠᠪᠴᠠᠢ᠃ ᠮᠤᠩᠭ᠋ᠤᠯᠴᠤᠳ ᠤᠨ ᠡᠨᠡ ᠡᠳ᠋ (ᠭᠡᠳᠡ) ᠨᠢ ᠭᠦᠮᠦᠳ ᠤᠨ ᠡᠷᠳᠡ ᠳᠡᠭᠡᠷ᠎ᠡ ᠦᠶ᠎ᠡ ᠳᠤ ᠡᠭᠦᠰᠴᠤ ᠪᠦᠳᠦᠭ᠍ᠰᠡᠨ ᠠᠵᠠᠢ᠃ ᠳᠤᠬᠠᠢ ᠶᠢᠨ ᠭᠦᠮᠦᠰ ᠡᠨᠡᠭᠦ ᠭᠡᠳᠡ ᠶᠢᠨ ᠳᠠᠮᠤᠷ ᠶᠢᠡᠨ ᠳᠡᠭ᠍ᠷᠢ ᠶᠢ ᠪᠦᠳᠦᠭᠡᠭ᠍ᠰᠡᠨ ᠳᠠᠮᠤᠷ ᠤᠨ ᠨᠢᠭᠡᠨ ᠵᠢᠵᠢᠭ᠌ ᠭᠡᠰᠡᠭ᠌ ᠭᠡᠵᠤ᠂ ᠴᠠᠭᠢᠭᠤᠷ ᠶᠢᠡᠨ ᠪᠦᠮᠪᠦᠷᠴᠡᠭ᠌ ᠢ ᠪᠦᠳᠦᠭᠡᠭ᠍ᠰᠡᠨ ᠴᠢᠯᠠᠭᠤᠨ ᠤ ᠨᠢᠭᠡᠨ ᠪᠢᠴᠢᠬᠠᠨ ᠭᠡᠯᠳᠡᠷᠭᠡᠢ ᠭᠡᠵᠤ ᠦᠵᠡᠵᠤ ᠣᠢ᠌ᠯᠠᠭᠠᠵᠤ ᠪᠠᠢ᠌ᠭᠰᠠᠨ ᠣᠴᠢᠷ ᠭᠠᠯ ᠤᠨ ᠡᠭᠦᠰᠭᠡᠯ ᠢ 《ᠴᠢᠩᠭᠢᠰ ᠳᠠᠮᠤᠷ ᠡᠴᠢᠭᠡ ᠳᠤ᠂ ᠴᠢᠩ ᠴᠢᠯᠠᠭᠤᠨ ᠡᠭᠡ ᠳᠤ》 ᠭᠡᠵᠤ ᠭᠦᠡᠳᠦᠦᠡᠭᠡᠨ ᠪᠢᠰᠢᠷᠠᠵᠤ ᠢᠷᠦᠭᠡᠳᠡᠭ᠌ ᠠᠵᠠᠢ᠃ ᠡᠨᠡ ᠥᠭᠦᠯᠡᠪᠦᠷᠢ ᠶᠢ ᠬᠤᠷᠢᠶᠠᠩᠭ᠋ᠣᠢ᠌ᠯᠠᠪᠠᠯ 《ᠴᠢᠩᠭᠢᠰ ᠡᠴᠢᠭᠡ᠂ ᠴᠢᠯᠠᠭᠤᠨ ᠡᠭᠡ》 ᠪᠣᠯᠵᠤ ᠳᠤᠪᠴᠢᠯᠠᠭᠳᠠᠨᠠ᠃ ᠡᠨᠡ ᠨᠢ ᠳᠠᠷᠤᠢ ᠣᠳᠤ ᠶᠢᠨ 《ᠡᠴᠢᠭᠡ ᠳᠡᠭ᠍ᠷᠢ᠂ ᠡᠭᠡ ᠭᠠᠵᠠᠷ》 ᠭᠡᠰᠡᠨ ᠥᠭᠡ ᠪᠣᠯᠬᠤ ᠪᠢᠰᠢᠤ᠃ ᠡᠭᠦᠨ ᠡᠴᠡ ᠡᠴᠢᠭᠡ ᠡᠭᠡ ᠭᠡᠰᠡᠨ ᠥᠭᠡ ᠶᠢ ᠨᠢ ᠬᠠᠰᠤᠪᠠᠯ 《ᠳᠡᠭ᠍ᠷᠢ ᠭᠠᠵᠠᠷ》 ᠭᠡᠳᠡᠭ᠌ ᠬᠤᠶᠠᠷ ᠥᠭᠡ ᠦᠯᠠᠳᠠᠨ᠎ᠡ᠃ ᠳᠡᠭᠡᠪᠠᠯ ᠡᠨᠡ ᠥᠯᠡᠳᠡᠭ᠍ᠰᠡᠨ ᠳᠡᠭ᠍ᠷᠢ ᠨᠢ ᠳᠡᠭᠡᠷᠡᠭᠢ ᠴᠢᠩᠭᠢᠰ ᠡᠴᠢᠭᠡ ᠶᠢᠨ ᠴᠢᠩᠭᠢᠰ ᠯᠦᠭᠡ ᠳᠤᠭᠢᠷᠠᠯᠴᠠᠵᠤ ᠪᠠᠢ᠌ᠭ᠎ᠠ ᠨᠢ ᠳᠠᠷᠤᠢ ᠭᠦᠮᠦᠳ ᠤᠨ ᠦᠶ᠎ᠡ᠂ ᠳᠡᠭ᠍ᠷᠢ ᠶᠢ ᠴᠢᠩᠭᠢᠰ ᠭᠡᠵᠤ ᠨᠠᠷᠠᠯᠡᠵᠤ ᠪᠠᠢ᠌ᠭᠰᠠᠨ ᠢ ᠪᠠᠳᠤ ᠨᠤᠳᠠᠳᠠᠢ ᠭᠡᠷᠡᠴᠢᠯᠡᠵᠤ ᠪᠠᠢ᠌ᠭ᠎ᠠ ᠪᠢᠰᠢᠤ᠃ ᠡᠭᠦᠨ ᠢ ᠪᠢᠳᠠ ᠴᠢᠨᠠᠭᠰᠢ ᠣᠯᠠᠮ ᠨᠢᠭᠡ ᠠᠯᠬᠤᠮ ᠨᠠᠷᠢᠰᠬᠠᠨ ᠳᠤᠳᠤᠯᠠᠪᠠᠯ᠂ ᠨᠢᠭᠡᠨ ᠲᠦᠪᠡᠳ ᠰᠤᠳᠤᠷ ᠲᠤ 《ᠳᠡᠭ᠍ᠷᠢ ᠳᠠᠮᠤᠷ ᠶᠢᠡᠷ ᠪᠦᠳᠦᠭ᠍ᠰᠡᠨ ᠳᠤᠯᠠᠳᠠ ᠴᠡᠩᠭᠡᠷ ᠥᠩᠭᠡᠳᠡᠢ᠂ ᠭᠠᠵᠠᠷ ᠴᠢᠯᠠᠭᠤᠨ ᠶᠢᠡᠷ ᠪᠦᠷᠢᠯᠳᠦᠭ᠍ᠰᠡᠨ ᠣᠴᠢᠷ ᠰᠦᠮᠢᠷ ᠳᠠᠭ (ᠰᠦᠮᠪᠦᠷ ᠠᠭᠤᠯᠠ ᠊᠊᠊᠊᠊᠊᠊᠊᠊᠊᠊᠊᠊᠊᠊ ᠪᠦᠮᠪᠦᠷᠴᠡᠭ᠌) ᠪᠣᠯᠵᠤ ᠳᠤᠭᠳᠠᠪᠠᠢ》 ᠭᠡᠮᠡᠵᠦᠭᠦᠢ᠃ ᠡᠨᠡ ᠪᠣᠯ ᠳᠠᠷᠤᠢ ᠳᠡᠭ᠍ᠷᠢ ᠳᠠᠮᠤᠷ ᠶᠢᠡᠷ ᠪᠦᠳᠦᠵᠤ᠂ ᠭᠠᠵᠠᠷ ᠴᠢᠯᠠᠭᠤᠨ ᠶᠢᠡᠷ ᠪᠦᠷᠢᠯᠳᠦᠪᠡ ᠭᠡᠰᠡᠨ ᠥᠭᠡ᠃ ᠳᠡᠭᠡᠷᠡᠭᠢ ᠬᠤᠶᠠᠷ ᠥᠭᠦᠯᠡᠪᠦᠷᠢ ᠶᠢ ᠭᠢᠨᠠᠪᠠᠰᠤ ᠭᠡᠯᠪᠠᠷᠢ ᠶᠢᠨ ᠳᠠᠯ᠎ᠠ ᠪᠠᠷ ᠠᠳᠠᠯᠢ ᠦᠭᠡᠶ ᠴᠤ᠂ ᠣᠤᠠᠬ᠎ᠠ ᠶᠢᠨ ᠬᠤᠪᠢ ᠳᠤ ᠨᠢᠭᠡ ᠪᠦᠭᠡᠤᠨ ᠨᠢᠭᠡ ᠥᠭᠡ ᠶᠢᠨ ᠨᠥᠭᠦᠭᠡ ᠭᠡᠯᠡᠯᠭᠡ ᠳᠠᠳᠤᠢ ᠶᠤᠮ᠃ ᠶᠠᠭ ᠡᠢ᠌ᠮᠤ ᠣᠴᠢᠷ ᠭᠠᠯ ᠤᠨ ᠡᠴᠢᠭᠡ ᠪᠣᠯᠬᠤ ᠴᠢᠩᠭᠢᠰ ᠳᠠᠮᠤᠷ ᠡᠴᠢᠭᠡ ᠳᠤ ᠶᠢᠨ ᠴᠢᠩᠭᠢᠰ ᠳᠠᠮᠤᠷ ᠭᠡᠰᠡᠨ ᠨᠢ ᠳᠠᠷᠤᠢ ᠳᠡᠭ᠍ᠷᠢ ᠳᠠᠮᠤᠷ ᠶᠢᠡᠷ ᠪᠦᠳᠦᠭ᠍ᠰᠡᠨ ᠳᠤᠯᠠᠳᠠ ᠴᠡᠩᠭᠡᠷ ᠥᠩᠭᠡᠳᠡᠢ ᠶᠢᠨ ᠴᠡᠩᠭᠡᠷ ᠳᠠᠮᠤᠷ ᠭᠡᠰᠡᠨ ᠬᠤᠷᠢᠶᠠᠩᠭ᠋ᠤᠢ ᠠᠭᠤᠯᠭ᠎ᠠ ᠲᠡᠶ ᠨᠢ ᠣᠨᠤᠵᠤ ᠣᠴᠢᠨ᠎ᠡ᠃ ᠡᠢ᠌ᠮᠤ ᠡᠴᠡ ᠴᠢᠩᠭᠢᠰ ᠳᠠᠮᠤᠷ ᠭᠡᠳᠡᠭ᠌ ᠨᠢ ᠴᠡᠩᠭᠡᠷ ᠳᠠᠮᠤᠷ ᠶᠢᠡᠷ ᠪᠦᠳᠦᠭ᠍ᠰᠡᠨ ᠳᠡᠭ᠍ᠷᠢ ᠶᠢᠨ ᠥᠩᠭᠡ ᠶᠢ ᠵᠢᠭᠠᠭᠰᠠᠨ ᠨᠢ ᠮᠠᠰᠢ ᠳᠤᠳᠤᠷᠬᠠᠢ᠃ ᠣᠴᠢᠷ ᠡᠢ᠌ᠮᠤ ᠡᠴᠡ ᠴᠡᠩᠭᠡᠷ ᠳᠠᠮᠤᠷ ᠤᠨ ᠴᠡᠩᠭᠡᠷ ᠨᠢ ᠳᠠᠷᠤᠢ ᠡᠷᠳᠡᠨ ᠤ ᠴᠢᠩᠭᠢᠰ ᠭᠡᠮᠡᠭ᠍ᠰᠡᠨ ᠥᠭᠡ ᠶᠢᠨ ᠭᠠᠭᠴᠠ ᠳᠤᠭ᠎ᠠ ᠪᠣᠯᠠᠢ᠂ ᠴᠢᠩᠭᠢᠰ ᠭᠡᠳᠡᠭ᠌ ᠨᠢ ᠳᠡᠭ᠍ᠷᠢ ᠶᠢᠨ ᠡᠩ ᠦᠭᠡᠶ ᠥᠷᠭᠡᠨ ᠴᠡᠩᠭᠡᠷ ᠤᠨ ᠭᠦᠷᠢᠶ᠎ᠡ ᠭᠡᠪᠴᠢᠶ᠎ᠡ ᠶᠢ ᠬᠤᠷᠢᠶᠠᠩᠭ᠋ᠣᠢ᠌ᠯᠠᠨ ᠨᠡᠷᠡᠯᠡᠭ᠍ᠰᠡᠨ ᠣᠯᠠᠨ ᠳᠤᠭᠠᠨ ᠤ ᠨᠠᠷᠠ ᠪᠣᠯᠤᠨ᠎ᠠ᠃ ᠥᠭᠡᠷ᠎ᠡ ᠪᠠᠷ ᠭᠡᠯᠡᠪᠠᠯ ᠳᠠᠷᠤᠢ ᠳᠡᠭ᠍ᠷᠢ ᠶᠢᠨ ᠪᠦᠭᠦᠯᠢ ᠴᠤᠭᠴᠠ ᠶᠢ ᠪᠦᠳᠦᠭᠡᠭ᠍ᠰᠡᠨ ᠳᠠᠮᠤᠷ ᠤᠨ ᠥᠩᠭᠡ ᠪᠠᠷ ᠨᠢ ᠬᠤᠷᠢᠶᠠᠩᠭ᠋ᠣᠢ᠌ᠯᠠᠭᠰᠠᠨ ᠨᠠᠷᠠ ᠪᠣᠯᠠᠢ᠃
ᠳᠡᠭᠡᠷ᠎ᠡ ᠶᠠᠷᠢᠭᠰᠠᠨ ᠡᠴᠡ ᠦᠵᠡᠪᠠᠯ ᠴᠢᠩᠭᠢᠰ ᠭᠡᠭ᠍ᠴᠢ ᠨᠢ ᠡᠷᠭᠡᠪᠰᠢ ᠨᠢᠭᠡᠨ ᠳᠡᠭ᠍ᠷᠢ ᠶᠢᠨ ᠨᠠᠷᠠ ᠪᠣᠯᠬᠤ ᠶᠢ ᠣᠯᠵᠤ ᠮᠠᠳᠠᠯ᠎ᠠ᠃ ᠳᠡᠭᠡᠪᠠᠯ ᠡᠨᠡ ᠨᠢ ᠡᠷᠳᠡᠨ ᠤ ᠨᠤᠮ ᠰᠤᠳᠤᠷ ᠲᠤ ᠭᠠᠷᠳᠠᠭ ᠶᠢᠰᠤᠨ᠂ ᠭᠤᠴᠢᠨ ᠭᠤᠷᠪᠠ᠂ ᠶᠠᠷ᠎ᠠ ᠶᠢᠰᠤᠨ ᠳᠡᠭ᠍ᠷᠢ ᠭᠡᠳᠡᠭ᠌ ᠤᠨ ᠠᠯᠢ ᠨᠢᠭᠡᠨ ᠤ ᠭᠢᠨᠢ ᠨᠠᠷᠠ ᠪᠣᠯᠬᠤ ᠪᠣᠢ︖ ᠭᠡᠰᠡᠨ ᠠᠰᠠᠭᠤᠯᠳᠠ ᠭᠠᠷᠤᠨ᠎ᠠ᠃
ᠦᠨᠦᠳᠤᠷ ᠤᠨ ᠪᠢᠳᠠᠨ ᠳᠤ ᠠᠪᠴᠤ ᠭᠡᠯᠡᠪᠠᠯ ᠮᠠᠰᠢ ᠭᠢᠯᠪᠠᠷ ᠡ︕ ᠳᠡᠭ᠍ᠷᠢ ᠭᠡᠭ᠍ᠴᠢ ᠨᠢ ᠨᠢᠭᠡ ᠯᠠ ᠶᠡᠭᠡ ᠠᠭᠠᠷ ᠮᠠᠠᠳᠤᠯ ᠤᠨ ᠳᠤᠭᠳᠠᠴᠠ ᠰᠢᠳᠠ᠃ ᠭᠡᠳᠡᠯ᠎ᠡ ᠣᠢ᠌ᠯᠠᠤᠠᠪᠣᠷᠢᠯᠠᠯ ᠤᠨ ᠭᠦᠴᠤᠨ ᠳᠤᠷᠤᠢ ᠪᠠᠢ᠌ᠭᠰᠠᠨ ᠮᠠᠰᠢ ᠡᠷᠳᠡᠨ ᠤ ᠭᠦᠮᠦᠳ ᠤᠨ ᠦᠶ᠎ᠡ ᠳᠤ ᠪᠠᠢ᠌ᠭᠠᠯᠢ ᠶᠢᠷᠳᠢᠠᠴᠤ ᠶᠢᠨ ᠳᠠᠨᠢᠯᠳᠠ ᠳᠤᠩ ᠪᠠᠯᠠᠷᠬᠠᠢ ᠳᠡᠭᠡᠷ᠎ᠡ ᠪᠦᠭᠡ ᠶᠢᠨ ᠱᠠᠰᠢᠠᠳᠠᠨ ᠤ ᠮᠤᠩᠬᠠᠷᠠᠭᠤᠯᠤᠯ ᠳᠠᠪᠬᠤᠴᠠᠭᠰᠠᠨ ᠡᠴᠡ ᠭᠡᠷᠭᠢᠨ ᠵᠦᠪ ᠳᠠᠨᠢᠵᠤ ᠴᠢᠳᠠᠬᠤ ᠠᠵᠠᠢ᠃ ᠳᠤᠬᠠᠢ ᠶᠢᠨ ᠰᠡᠭᠡᠭᠡᠳᠡᠨ ᠮᠡᠷᠭᠡᠤᠨ ᠭᠡᠮᠡᠭ᠍ᠳᠡᠭ᠍ᠰᠡᠨ ᠵᠠᠭᠠᠷᠢᠳ ᠨᠢ ᠴᠤ ᠪᠠᠢ᠌ᠭᠠᠯᠢ ᠶᠢᠷᠳᠢᠠᠴᠤ ᠶᠢ ᠵᠦᠪ ᠣᠨᠤᠪᠴᠢᠳᠠᠢ ᠳᠠᠨᠢᠵᠤ ᠳᠠᠢ᠌ᠯᠪᠣᠷᠢᠯᠠᠵᠤ ᠴᠢᠳᠠᠬᠤ ᠦᠭᠡᠶ ᠪᠠᠢ᠌ᠭᠰᠠᠨ ᠴᠠᠭ᠂ ᠠᠯᠢᠪᠠ ᠶᠠᠭᠤᠮ᠎ᠠ ᠪᠦᠷ ᠳᠡᠭ᠍ᠷᠢ ᠡᠵᠡᠯᠡᠭ᠍ᠴᠢ ᠲᠡᠶ ᠭᠡᠵᠤ ᠦᠵᠡᠵᠤ ᠰᠤᠷᠳᠠᠯᠴᠢᠯᠠᠬᠤ ᠶᠠᠪᠣᠴᠠ ᠳᠠᠭᠠᠨ ᠵᠠᠭᠠᠷᠢᠳ ᠠᠷᠪᠢᠤᠠᠴᠤ ᠳᠤᠰ ᠳᠤᠰ ᠨᠢᠭᠡᠨ ᠳᠡᠭ᠍ᠷᠢ ᠬᠤᠪᠢᠶᠠᠨ ᠭᠠᠷᠭᠠᠵᠤ ᠰᠢᠳᠦᠭᠡᠤᠨ ᠡᠨᠡᠭᠦ ᠭᠠᠭᠴᠠ ᠳᠡᠭ᠍ᠷᠢ ᠪᠠᠨ ᠣᠯᠠᠨ ᠳᠡᠭ᠍ᠷᠢ ᠬᠤᠪᠢᠶᠠᠵᠤ ᠠᠷᠠᠤᠨ ᠲᠤ ᠰᠢᠳᠦᠭᠦᠯᠦᠭ᠍ᠰᠡᠨ ᠶᠤᠮ᠃ ᠡᠨᠡ ᠨᠢ ᠶᠠᠪᠣᠭᠠᠨ ᠳᠠᠭᠠᠨ ᠶᠢᠰᠤᠨ᠂ ᠭᠤᠴᠢᠨ ᠭᠤᠷᠪᠠ᠂ ᠶᠠᠷ᠎ᠠ ᠶᠢᠰᠤᠨ ᠤ ᠳᠤᠭᠠᠨ ᠳᠤ ᠭᠡᠪᠰᠢᠨ ᠳᠤᠭᠳᠠᠵᠠᠢ᠃ ᠡᠨᠡ ᠳᠠᠯ᠎ᠠ ᠪᠠᠷ ᠳᠡᠯᠡᠭᠡᠢ ᠶᠢᠨ ᠣᠯᠠᠨ ᠦᠨᠳᠦᠰᠦᠳᠠᠨ ᠬᠤᠭᠤᠷᠤ ᠬᠤᠭᠤᠷᠤᠠᠳᠤ ᠪᠠᠨ ᠪᠦᠷ ᠨᠢᠭᠡᠨ ᠠᠳᠠᠯᠢ ᠳᠡᠦᠭᠡᠨ ᠥᠩᠭᠡᠷᠡᠭᠡᠯᠳᠡ ᠲᠡᠶ ᠶᠤᠮ᠃ ᠳᠡᠭᠦᠨ ᠤ ᠳᠤᠳᠤᠷ᠎ᠠ ᠡᠴᠡ ᠳᠦᠭᠦᠮ ᠢ ᠪᠣᠳᠤᠵᠤ ᠪᠢ᠂ ᠳᠡᠷᠭᠡᠳᠡᠭᠢ ᠭᠢᠳᠠᠤᠨ ᠤᠨ ᠨᠤᠮ ᠡᠴᠡ ᠬᠤᠶᠠᠷ ᠵᠢᠱᠢᠶ᠎ᠠ ᠥᠵᠡᠭᠦᠯᠦᠶ᠎ᠡ ᠄ ᠯᠢᠤᠢ ᠱᠢ ᠴᠦᠨ ᠴᠢᠤ ᠭᠡᠮᠡᠭᠦ ᠱᠠᠰᠳᠢᠷ ᠤᠨ ᠢᠵᠠᠭᠤᠷ ᠤᠨ ᠵᠢᠭᠰᠠᠭᠠᠯ ᠳᠤ᠄ ᠲᠦᠪ ᠳᠡᠭ᠍ᠷᠢ ᠶᠢ ᠵᠢᠶᠦ᠋ᠨ ᠳᠢᠶᠠᠨ ᠭᠡᠮᠡᠭ᠍ᠰᠡᠨ ᠪᠦᠭᠡᠤᠨ ᠵᠢᠶᠦᠨ ᠭᠡᠮᠡᠭ᠍ᠴᠢ ᠶᠢ 《ᠥᠭᠡᠰ ᠤᠨ ᠳᠠᠯᠠᠢ ᠳᠤ ᠳᠦᠷᠪᠡᠨ ᠵᠥᠭ᠌ ᠢ ᠡᠵᠡᠯᠡᠭ᠍ᠰᠡᠨᠡ ᠳᠠᠢ᠌ᠨ ᠨᠠᠷᠠᠯᠠᠪᠠᠢ》 ᠭᠡᠮᠡᠵᠦᠭᠦᠢ᠃ ᠵᠢᠴᠢ ᠬᠠᠭᠤᠴᠢᠨ ᠵᠢᠷᠤᠬᠠᠢ ᠶᠢᠨ ᠨᠤᠮ (ᠢᠤᠢ ᠰᠢᠶᠠ ᠵᠢ) ᠢ ᠰᠡᠭᠦᠪᠠᠰᠤ ᠮᠦᠨ ᠶᠢᠰᠤᠨ ᠳᠡᠭ᠍ᠷᠢ ᠶᠢ ᠥᠵᠡᠭᠦᠯᠦᠭ᠍ᠰᠡᠨ ᠭᠦᠷᠳᠤᠨ ᠵᠢᠷᠤᠭ ᠪᠠᠢ᠌ᠳᠠᠭ᠃ ᠳᠡᠭᠦᠨ᠎ᠡ ᠲᠦᠪ ᠳᠡᠭ᠍ᠷᠢ ᠳᠤᠮᠳᠠᠳᠤ ᠳᠤᠷ ᠠᠵᠤ᠂ ᠪᠣᠰᠤᠳ ᠨᠢ᠋ᠮᠠᠨ ᠢᠨᠤ ᠨᠢ᠋ᠮᠠᠨ ᠵᠤᠪᠭᠢᠰ ᠲᠤᠷ ᠳᠤᠭᠤᠷᠢᠨ ᠪᠠᠢ᠌ᠷᠢᠰᠢᠵᠤ ᠪᠠᠢ᠌ᠳᠠᠭ᠃ ᠳᠡᠭᠦᠨ ᠤ ᠳᠠᠢ᠌ᠯᠪᠣᠷᠢ ᠳᠤ ᠲᠦᠪ ᠳᠡᠭ᠍ᠷᠢ ᠪᠣᠰᠤᠳ ᠳᠡᠭ᠍ᠷᠢᠰ ᠢ ᠶᠡᠷᠦᠩᠭᠡᠢ᠌ᠯᠡᠨ ᠵᠠᠭᠢᠷᠤᠨᠠ ᠭᠡᠮᠡᠵᠦᠭᠦᠢ᠃ ᠡᠨᠡ ᠬᠤᠶᠠᠷ ᠵᠢᠱᠢᠶᠠᠨ ᠤ ᠳᠡᠷᠡᠭᠦ ᠬᠤᠶᠠᠷ ᠥᠭᠦᠯᠡᠪᠦᠷᠢ ᠨᠢ ᠭᠡᠳᠥᠢᠪᠠᠷ ᠭᠡᠯᠪᠠᠷᠢ ᠳᠡᠭᠡᠨ ᠭᠡᠰᠡᠭᠯᠡᠭ᠍ᠰᠡᠨ ᠪᠠᠢ᠌ᠳᠠᠯ ᠲᠡᠶ ᠴᠤ ᠠᠭᠤᠯᠭ᠎ᠠ ᠳᠠᠭᠠᠨ ᠮᠦᠨ ᠳᠡᠭ᠍ᠷᠢᠰ ᠢ ᠨᠢᠭᠡᠨ ᠴᠤᠭᠴᠠᠰ ᠶᠢᠡᠷ ᠥᠵᠡᠭ᠍ᠰᠡᠨ ᠨᠢ ᠮᠠᠰᠢ ᠢᠯᠡᠷᠭᠡᠢ ᠪᠦᠭᠡᠤᠨ ᠳᠡᠭᠡᠷ᠎ᠡ ᠮᠢᠨᠤ ᠳᠤᠷᠠᠳᠤᠭᠰᠠᠨ ᠴᠢᠩᠭᠢᠰ ᠭᠡᠳᠡᠭ᠌ ᠨᠢ ᠳᠡᠭ᠍ᠷᠢ ᠶᠢᠨ ᠪᠦᠭᠦᠯᠢ ᠴᠤᠭᠴᠠᠰ ᠢ ᠪᠦᠳᠦᠭᠡᠭ᠍ᠰᠡᠨ ᠳᠠᠮᠤᠷ ᠤᠨ ᠥᠩᠭᠡ ᠪᠠᠷ ᠬᠤᠷᠢᠶᠠᠩᠭ᠋ᠣᠢ᠌ᠯᠠᠵᠤ ᠮᠥᠩᠭᠡ ᠭᠦᠭᠡ ᠬᠤᠷᠮᠤᠰᠳᠠ (ᠲ᠋ᠡᠭᠡᠳᠤ ᠳᠡᠭ᠍ᠷᠢ) ᠭᠡᠰᠡᠨ ᠨᠠᠷᠠᠢ᠌ᠳᠤᠯ ᠲᠡᠶ ᠮᠢᠨᠢ ᠵᠦᠷᠢᠴᠠᠯ ᠦᠭᠡᠶ ᠮᠥᠷᠳᠡᠭᠡᠨ ᠶᠠᠪ ᠴᠠᠪ ᠳᠠᠭᠠᠷᠠᠭᠰᠠᠨ ᠨᠢᠭᠡᠨ ᠰᠠᠨᠠᠭᠠᠨ ᠢ ᠥᠭᠦᠯᠡᠭ᠍ᠰᠡᠨ ᠠᠵᠠᠢ᠃ ᠭᠡᠪᠠᠴᠤ ᠬᠤᠵᠢᠮ ᠪᠣᠯᠵᠤ ᠪᠦᠭᠡ ᠨᠡᠷ ᠤᠨ ᠣᠯᠠᠨ ᠳᠡᠭ᠍ᠷᠢ ᠬᠤᠪᠢᠶᠠᠨ ᠰᠢᠳᠦᠭᠦᠯᠭᠦ ᠶᠠᠪᠣᠴᠠ ᠳᠤ ᠴᠢᠩᠭᠢᠰ ᠭᠡᠳᠡᠭ᠌ ᠥᠭᠡ ᠨᠢ ᠭᠡᠯᠪᠠᠷᠢ ᠳᠡᠭᠡᠨ ᠶᠡᠷᠦᠩᠭᠡᠢ᠌ᠯᠡᠭ᠍ᠰᠡᠨ ᠴᠢᠨᠠᠷ ᠶᠢᠡᠨ ᠠᠯᠳᠠᠭᠰᠠᠨ ᠴᠤ ᠮᠤᠩᠭ᠋ᠤᠯᠴᠤᠳ ᠤᠨ ᠳᠤᠮᠳᠠ (ᠰᠡᠳᠬᠢᠯᠭᠡᠨ ᠳ᠋ᠤ) ᠶᠠᠷ᠎ᠠ ᠶᠢᠰᠤᠨ ᠳᠡᠭ᠍ᠷᠢ ᠶᠢᠨ ᠬᠠᠮᠤᠭ ᠤᠨ ᠳᠡᠭᠡᠳᠤ ᠮᠥᠩᠭᠡ ᠭᠦᠭᠡ ᠳᠡᠭ᠍ᠷᠢ (ᠬᠤᠷᠮᠤᠰᠳᠠ) ᠶᠢᠨ ᠨᠠᠷᠠᠢ᠌ᠳᠤᠯ ᠪᠣᠯᠵᠤ ᠭᠡᠪᠰᠢᠨ ᠳᠤᠭᠳᠠᠵᠠᠢ᠃ ᠡᠨᠡ ᠨᠢ ᠭᠢᠳᠠᠤᠨ ᠤᠨ ᠲᠦᠪ ᠳᠡᠭ᠍ᠷᠢ᠂ ᠸᠡᠯᠳᠢᠮᠢᠷᠽᠦᠧ ᠶᠢᠨ ᠶᠡᠭᠡ ᠣᠩᠭ᠋ᠤᠨ ᠳᠡᠭ᠍ᠷᠢ ᠲᠡᠶ ᠣᠤᠠᠬ᠎ᠠ ᠨᠢᠭᠡᠳᠴᠦ ᠣᠴᠢᠬᠤ ᠶᠤᠮ᠃ ᠶᠠᠭ ᠡᠢ᠌ᠮᠤ ᠣᠴᠢᠷ ᠡᠴᠡ ᠪᠦᠭᠡ ᠨᠡᠷ ᠳᠠᠮᠤᠵᠢᠨ ᠤ ᠢᠳᠡᠭᠡᠯ ᠭᠦᠡᠳᠤ ᠶᠢ ᠣᠯᠠᠮ ᠭᠦᠨ᠎ᠡ ᠣᠯᠬᠤ ᠶᠢ ᠰᠠᠤᠠᠭᠢᠵᠤ ᠦᠪᠡᠷᠰᠠᠤᠨ ᠤᠨ ᠬᠠᠮᠤᠭ ᠤᠨ ᠳᠡᠭᠡᠳᠤ ᠰᠢᠳᠦᠭᠡᠨ ᠬᠤᠷᠮᠤᠰᠳᠠ ᠊᠊᠊᠊᠊᠊᠊᠊᠊᠊᠊᠊᠊᠊᠊ ᠮᠥᠩᠭᠡ ᠭᠦᠭᠡ ᠳᠡᠭ᠍ᠷᠢ ᠶᠢᠨ ᠡᠷᠳᠡᠨ ᠤ ᠵᠢᠩᠭᠢᠨᠢ ᠮᠤᠩᠭ᠋ᠤᠯ ᠨᠠᠷᠠᠢ᠌ᠳᠤᠯ ᠶᠢᠡᠷ ᠴᠤᠯᠠᠯᠠᠵᠤ ᠳᠤᠬᠠᠢ ᠶᠢᠨ ᠬᠠᠤᠨ ᠤᠨ ᠴᠤᠯᠠ ᠡᠴᠡ ᠪᠦᠷ ᠶᠡᠭᠡ ᠳᠠᠪᠠᠭᠤᠯᠤᠭᠰᠠᠨ ᠶᠤᠮ᠃
ᠪᠠᠭᠴᠠᠯᠠᠭᠠᠤᠨ ᠭᠡᠯᠡᠪᠠᠯ᠂ ᠮᠠᠨ ᠤ ᠡᠪᠦᠭᠡ ᠳᠡᠭᠡᠳᠦᠰ 《ᠠᠯᠢᠪᠠ ᠶᠢ ᠴᠢᠳᠠᠭᠴᠢ᠂ ᠠᠯᠢᠪᠠ ᠶᠢ ᠵᠠᠭᠢᠷᠤᠭᠴᠢ᠂ ᠠᠯᠢᠪᠠ ᠶᠢ ᠳᠤᠭᠢᠷᠠᠭᠤᠯᠤᠭᠴᠢ ᠰᠢᠳᠢᠳᠠᠨ ᠭᠡᠰᠡᠨ ᠠᠭᠤᠯᠭ᠎ᠠ ᠲᠡᠶ ᠳᠡᠭ᠍ᠷᠢ ᠶᠢ ᠪᠠᠨ᠂ ᠳᠡᠭᠦᠨ ᠢ ᠪᠦᠳᠦᠭᠡᠭ᠍ᠰᠡᠨ ᠳᠠᠮᠤᠷ ᠤᠨ ᠥᠩᠭᠡ ᠊᠊᠊᠊᠊᠊᠊᠊᠊᠊᠊᠊᠊᠊᠊ ᠭᠦᠭᠡ ᠴᠡᠩᠭᠡᠷ ᠶᠢᠡᠷ ᠨᠢ ᠬᠤᠷᠢᠶᠠᠩᠭ᠋ᠣᠢ᠌ᠯᠠᠵᠤ ᠴᠢᠩᠭᠢᠰ (ᠲ᠋ᠡᠭᠡᠳᠤ ᠳᠡᠭ᠍ᠷᠢ) ᠭᠡᠮᠡᠨ ᠨᠠᠷᠠᠯᠠᠵᠤ ᠭᠡᠴᠦᠨᠡᠨ ᠮᠢᠩᠭ᠋ᠠᠨ ᠵᠢᠯ ᠢ ᠳᠤᠭᠤᠯᠵᠤ ᠢᠷᠡᠭ᠍ᠰᠡᠨ ᠳᠡᠦᠭᠡ ᠲᠡᠶ ᠶᠤᠮ᠃ ᠡᠨᠡ ᠠᠭᠤᠯᠭ᠎ᠠ ᠪᠠ ᠥᠩᠭᠡ ᠡᠴᠡ ᠦᠨᠳᠦᠰᠦᠯᠠᠵᠤ ᠪᠣᠭᠳᠠ ᠡᠵᠡᠨ ᠴᠢᠩᠭᠢᠰ ᠬᠠᠭᠠᠨ ᠦᠪᠡᠷ ᠤᠨ ᠣᠯᠤᠰ ᠪᠠ ᠳᠤᠭ ᠶᠢᠡᠨ ᠭᠦᠭᠡ ᠪᠠᠷ ᠪᠠᠯᠭᠡᠳᠡᠨ ᠮᠥᠩᠭᠡ ᠮᠠᠠᠳᠤᠭᠤᠯᠬᠤ ᠶᠢ ᠪᠠᠯᠭᠡᠰᠢᠶᠡᠵᠤ 《ᠭᠦᠭᠡ ᠮᠤᠩᠭ᠋ᠤᠯ》᠂ 《ᠭᠦᠭᠡ ᠳᠤᠭ》 ᠭᠡᠮᠡᠨ ᠨᠠᠷᠠᠢ᠌ᠳᠤᠨ᠂ ᠣᠤᠯ ᠤᠨ ᠴᠠᠭᠠᠨ ᠮᠤᠩᠭ᠋ᠤᠯ ᠶᠢᠡᠨ ᠭᠦᠭᠡ ᠮᠤᠩᠭ᠋ᠤᠯ ᠪᠣᠯᠭᠠᠨ ᠮᠠᠠᠳᠤᠭᠤᠯᠤᠭᠰᠠᠨ ᠶᠤᠮ᠃
ᠡᠰᠢᠯᠡᠭ᠍ᠰᠡᠨ ᠨᠤᠮ ᠤᠳ᠄
(1) 《ᠮᠤᠩᠭ᠋ᠤᠯ ᠭᠡᠯᠡ ᠪᠢᠴᠢᠭ᠌》 ᠰᠡᠳᠭᠦᠯ ᠤᠨ1981 ᠣᠨ ᠤ1 ᠳ᠋ᠤᠭᠡᠷ ᠬᠤᠭᠤᠴᠠᠭ᠎ᠠ
(2) 《ᠮᠤᠩᠭ᠋ᠤᠯ ᠣᠷᠠᠨ ᠵᠤᠬᠢᠶᠠᠯ ᠤᠨ ᠳᠡᠦᠭᠡ》 ᠳ᠋ᠤ
(3)(8) 《ᠦᠪᠣᠷ ᠮᠤᠩᠭ᠋ᠤᠯ ᠤᠨ ᠡᠳᠦᠷ ᠤᠨ ᠰᠤᠨᠢᠨ》 ᠤ 《ᠡᠷᠳᠡ ᠡᠳᠦᠭᠡ》 ᠪᠣᠯᠤᠩ ᠡᠴᠡ
(6)(9)(7) 《ᠮᠤᠩᠭ᠋ᠤᠯ ᠦᠨᠳᠦᠰᠦᠳᠠᠨ ᠤ ᠰᠤᠩᠭ᠋ᠤᠳᠠᠭ ᠵᠤᠬᠢᠶᠠᠯ ᠤᠨ ᠰᠤᠩᠭ᠋ᠤᠮᠠᠯ》 (ᠨᠢᠭᠡ) ᠳ᠋ᠤ
(5) 《ᠮᠤᠩᠭ᠋ᠤᠯᠴᠤᠳ ᠤᠨ ᠪᠦᠭᠡ ᠮᠥᠷᠭᠦᠯ ᠤᠨ ᠱᠠᠰᠢᠨ ᠰᠤᠷᠳᠠᠬᠤᠨ》 ᠭᠡᠮᠡᠭᠦ ᠥᠭᠦᠯᠡᠯ ᠳ᠋ᠤ
(10)(11) 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ
(4)(6)ᠮᠤᠩᠭ᠋ᠤᠯ ᠣᠷᠠᠨ ᠵᠤᠬᠢᠶᠠᠯ ᠤᠨ ᠳᠡᠭᠡᠵᠢ ᠵᠠᠭᠤᠨ ᠪᠢᠯᠢᠭ᠌ ᠣᠷᠤᠰᠢᠪᠠᠢ》 ᠳ᠋ᠤ
(12) ᠳᠠᠮᠪᠠᠷᠢᠠᠴᠢᠨ ᠭᠤᠸᠠᠢ ᠳᠤ ᠪᠠᠢ᠌ᠭᠰᠠᠨ ᠨᠢᠭᠤᠷ ᠨᠢ ᠥᠩᠭᠦᠭ᠍ᠳᠡᠭ᠍ᠰᠡᠨ ᠴᠣᠢ᠌ᠷᠸ᠎ᠠ ᠵᠢᠨ ᠰᠤᠳᠤᠷ》 ᠳᠤ
1993 ᠣᠨ ᠳᠤ ᠣᠯᠠᠭᠠᠠᠪᠠᠭᠠᠳᠤᠷ ᠲᠤ ᠪᠣᠯᠤᠭᠰᠠᠨ ᠣᠯᠠᠨ ᠣᠯᠤᠰ ᠤᠨ ᠮᠤᠩᠭ᠋ᠤᠯᠴᠢ ᠡᠷᠳᠡᠮᠳᠡᠳ ᠤᠨ 《ᠮᠤᠩᠭ᠋ᠤᠯ ᠰᠤᠳᠤᠯᠤᠯ》 ᠤᠨ ᠡᠷᠳᠡᠮ ᠰᠢᠡᠵᠢᠯᠡᠭᠡᠨ ᠤ ᠶᠡᠭᠡ ᠬᠤᠷᠠᠯᠳᠤᠭᠠᠨ ᠳᠤ ᠳᠡᠪᠰᠢᠭᠦᠯᠦᠭ᠍ᠳᠡᠭ᠍ᠰᠡᠨ ᠥᠭᠦᠯᠡᠯ ᠪᠣᠯᠤᠨ᠎ᠠ᠃
ᠵᠤᠬᠢᠶᠠᠭᠴᠢ᠄ ᠸᠠᠩᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠮᠤᠩᠭᠤᠯ ᠲᠡᠦᠬᠡᠳᠠᠷᠤᠮ᠄ 20760
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ