ᠨᠡᠪᠲᠡᠷᠡᠨ ᠤᠷᠤᠬᠤ
ᠪᠠᠭᠰᠢ ᠶᠢᠨ ᠬᠠᠢ᠌ᠷ᠎ᠠ

ᠭᠦᠯ ᠳᠤ ᠣᠷᠤᠯ᠎ᠠ ᠭᠡᠵᠤ

ᠡᠵᠢ ᠮᠢᠨᠢ ᠪᠠᠶᠠᠰᠳᠠᠭ ᠪᠠᠢ᠌ᠭᠰᠠᠨ

ᠭᠡᠯᠡ ᠳᠤ ᠣᠷᠤᠯ᠎ᠠ ᠭᠡᠵᠤ

ᠪᠠᠭᠰᠢ ᠮᠢᠨᠢ ᠪᠠᠶᠠᠷᠯᠠᠳᠠᠭ ᠪᠠᠢ᠌ᠭᠰᠠᠨ

ᠭᠦᠮᠤᠨ ᠤ ᠵᠡᠷᠭᠡ ᠳᠤ ᠭᠦᠷᠦᠯ᠎ᠡ ᠭᠡᠵᠤ

ᠠᠪᠣ ᠮᠢᠨᠢ ᠪᠠᠶᠠᠰᠳᠠᠭ ᠪᠠᠢ᠌ᠭᠰᠠᠨ

ᠭᠡᠨ ᠡᠴᠠ ᠴᠤ ᠳᠤᠤᠷ᠎ᠠ ᠦᠭᠡᠶ ᠰᠤᠷᠤᠯ᠎ᠠ ᠭᠡᠵᠤ

ᠪᠠᠭᠰᠢ ᠮᠢᠨᠢ ᠪᠠᠶᠠᠷᠯᠠᠳᠠᠭ ᠪᠠᠢ᠌ᠭᠰᠠᠨ᠂


ᠳᠤᠭᠤᠯ ᠤᠨ ᠪᠠᠯᠴᠢᠭᠡᠷ ᠶᠢᠡᠨ ᠳᠤᠭᠤᠢ ᠡᠷᠭᠢᠳᠡᠭ᠌

ᠭᠡᠷ ᠤᠨ ᠰᠤᠷᠭᠠᠯ

ᠳᠠᠶᠠᠩ ᠳᠡᠯᠡᠭᠡᠢ ᠪᠠᠷ ᠴᠢᠯᠦᠭᠡ ᠲᠡᠶ ᠵᠤᠷᠴᠢᠬᠤ

ᠰᠤᠷᠭᠠᠭᠤᠯᠢ ᠶᠢᠨ ᠭᠦᠮᠦᠵᠢᠯ

ᠳᠤᠯᠭᠠᠭᠤᠷᠢ ᠪᠠᠭᠠᠨ᠎ᠡ ᠪᠠᠶ᠎ᠠ ᠶᠢ ᠣᠯᠭᠤᠭᠰᠠᠨ

ᠪᠣᠶᠠᠠᠳᠤ ᠡᠵᠢ ᠠᠪᠣ

ᠳᠠᠮᠢᠷ ᠣᠬᠠᠭᠠᠨ ᠡᠷᠳᠡᠮ ᠰᠤᠶᠤᠷᠬᠠᠭᠰᠠᠨ

ᠠᠴᠢᠳᠤ ᠪᠠᠭᠰᠢ ᠨᠡᠷ᠂


ᠠᠭᠤᠯᠠ ᠶᠢᠨ ᠴᠢᠨᠡᠭᠡᠨ ᠪᠣᠯᠤᠯ᠎ᠠ ᠭᠡᠳ

ᠣᠭ ᠶᠢᠡᠨ ᠮᠠᠷᠳᠠᠬᠤ ᠶᠤᠰᠤ ᠥᠭᠡᠢ

ᠣᠰᠤᠨ ᠡᠴᠠ ᠭᠦᠨ ᠮᠠᠳᠠᠯ᠎ᠠ ᠭᠡᠳ

ᠪᠠᠭᠰᠢ ᠪᠠᠨ ᠬᠠᠶᠠᠬᠤ ᠶᠤᠰᠤ ᠥᠭᠡᠢ

ᠡᠭᠡ ᠡᠴᠢᠭᠡ ᠶᠢᠨ ᠬᠠᠢ᠌ᠷ᠎ᠠ ᠪᠠᠷ ᠢᠪᠢᠯᠦᠭ᠍ᠰᠡᠨ

ᠪᠠᠭᠰᠢ ᠶᠢᠨ ᠰᠤᠷᠭᠠᠯ

ᠡᠨᠡ ᠪᠠᠶ᠎ᠠ ᠶᠢ ᠡᠭᠦᠷᠢᠳᠡ ᠴᠢᠮᠡᠭᠡᠳ

ᠢᠳᠡᠭᠡᠯ ᠤᠨ ᠦᠨᠳᠦᠷ ᠲᠤ ᠭᠦᠷᠭᠡᠨᠡᠮ᠃


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠬᠦᠬᠡ‍ᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2996
ᠴᠠᠭ᠄ 2010 ᠤᠨ ᠤ 04 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ