☆ ᠡ᠊·ᠳᠠᠮᠤᠷ
ᠵᠢᠷᠦᠭᠡᠨ ᠳᠤ ᠮᠥᠩᠭᠡᠷᠡᠭᠦ ᠠᠭᠤᠯᠠ ᠣᠰᠤᠨ
ᠭᠦᠭᠡᠷᠡᠨ ᠭᠦᠭᠡᠷᠡᠨ ᠰᠦᠨᠳᠠᠷᠯᠠᠵᠤ ᠠᠶᠠᠨ ᠢ ᠮᠢᠨᠢ ᠵᠠᠯᠠᠳᠠᠭ ᠰᠠᠷᠢᠳᠠᠭ ᠣᠬᠠᠭ᠎ᠠ
ᠭᠦᠷᠭᠢᠷᠡᠨ ᠭᠦᠷᠭᠢᠷᠡᠨ ᠱᠤᠤᠭᠢᠵᠤ ᠳᠦᠷᠦᠭᠡ ᠶᠢ ᠮᠢᠨᠢ ᠴᠢᠩᠭ᠋ᠠᠯᠠᠳᠠᠭ ᠰᠢᠯᠤᠭᠤᠨ ᠰᠠᠨᠠᠭ᠎ᠠ
ᠰᠦᠷ ᠶᠢᠡᠷ ᠶᠢᠡᠨ ᠪᠣᠰᠤᠳ ᠲᠤ ᠭᠠᠢ᠌ᠬᠠᠭᠳᠠᠭᠰᠠᠨ ᠡᠴᠡ ᠰᠡᠳᠭᠢᠯ ᠳᠤ ᠮᠢᠨᠢ ᠰᠥᠡᠳᠡᠷᠯᠡᠭ᠍ᠰᠡᠨ ᠰᠦᠮᠪᠦᠷ ᠠᠭᠤᠯᠠ
ᠰᠢᠮ᠎ᠠ ᠪᠠᠷ ᠶᠢᠡᠨ ᠪᠢᠳᠠᠨ ᠢ ᠣᠬᠠᠭᠠᠵᠢᠭᠤᠯᠤᠭᠰᠠᠨ ᠡᠴᠡ ᠵᠢᠷᠦᠭᠡᠨ ᠳᠤ ᠮᠢᠨᠢ ᠠᠷᠭᠠᠮᠵᠢᠭᠳᠠᠭᠰᠠᠨ ᠭᠡᠷᠦᠯᠤᠨ ᠮᠦᠷᠠᠨ
ᠠᠪᠣ ᠠᠭᠤᠯᠠ᠂ ᠡᠵᠢ ᠭᠤᠤᠯ ᠮᠢᠨᠢ︕
ᠪᠠᠷ᠎ᠠ ᠡᠴᠡ ᠴᠢᠨᠢ ᠠᠨᠢᠷᠳᠤᠳᠠᠭ ᠳᠡᠭ᠍ᠷᠢᠯᠢᠭ᠌ ᠣᠬᠠᠭᠠᠨ ᠳᠤ ᠰᠥᠵᠢᠭ᠌ ᠶᠢᠡᠷ ᠶᠢᠡᠨ ᠪᠢ ᠰᠥᠭᠦᠷᠡᠳᠡᠭ᠌
ᠵᠠᠢ᠌ᠷ ᠡᠴᠡ ᠴᠢᠨᠢ ᠰᠤᠨᠤᠷᠳᠠᠳᠠᠭ ᠠᠷᠠᠤᠨ ᠤᠨ ᠳᠠᠭᠤᠨ ᠳᠤ ᠰᠥᠭ᠌ ᠶᠢᠡᠷ ᠶᠢᠡᠨ ᠪᠢ ᠣᠨᠠᠳᠠᠭ
ᠳᠠᠯ᠎ᠠ ᠶᠢᠨ ᠭᠦᠷᠦᠰᠤᠨ ᠳᠤ ᠦᠨᠳᠦᠰᠦ ᠲᠡᠶ ᠶᠢᠨ ᠣᠴᠢᠷ ᠳᠡᠭ᠍ᠷᠢ ᠪᠠᠭᠠᠨᠠᠳᠠᠨ ᠣᠷᠭᠤᠯ᠎ᠠ
ᠳᠡᠭᠡ ᠶᠢᠨ ᠬᠠᠨ ᠡᠴᠡ ᠣᠠᠳᠤᠷᠤᠭᠰᠠᠨ ᠪᠣᠯᠬᠤᠷ ᠣᠷᠤᠰᠬᠠᠯ ᠦᠯᠦ ᠳᠠᠰᠤᠷᠠᠳᠠᠭ ᠪᠠᠢ᠌ᠯ᠎ᠠ
ᠠᠪᠣ ᠠᠭᠤᠯᠠ᠂ ᠡᠵᠢ ᠭᠤᠤᠯ ᠮᠢᠨᠢ
ᠠᠰᠬ᠎ᠠ ᠳᠤ ᠮᠢᠨᠢ ᠵᠤᠭᠰᠤᠭᠠᠤᠨ ᠬᠤᠯᠠ ᠶᠢ ᠬᠠᠷ᠎ᠠ ᠭᠡᠰᠡᠨ ᠠᠷᠢᠭᠤᠨ ᠴᠠᠭᠠᠬᠠᠨ ᠵᠠᠭᠢᠶ᠎ᠠ ᠪᠠᠢ᠌ᠯ᠎ᠠ
ᠣᠢ᠌ᠯᠠᠰ ᠤᠨ ᠬᠠᠷᠭᠤᠢ ᠳᠤ ᠪᠠᠨ ᠠᠯᠤᠰ ᠢ ᠵᠤᠷᠢ ᠭᠡᠭᠦ ᠭᠠᠯ ᠬᠠᠯᠠᠭᠤᠬᠠᠨ ᠰᠤᠷᠭᠠᠯ ᠪᠠᠢ᠌ᠯ᠎ᠠ
ᠭᠦᠴᠤᠨ ᠬᠠᠨ ᠳᠤ ᠪᠠᠨ ᠬᠠᠷᠠᠭᠤᠯ ᠪᠣᠯᠵᠤ ᠭᠦᠰᠡᠯ ᠤᠨ ᠮᠢᠨᠢ ᠨᠠᠷᠠ ᠶᠢ ᠳᠤᠯᠵᠤ ᠪᠣᠰᠤᠭᠰᠠᠨ
ᠭᠦᠡᠳᠦᠯ ᠤᠨ ᠭᠦᠷᠦᠰᠤᠨ ᠳᠤ ᠪᠠᠨ ᠷᠠᠰᠢᠶᠠᠨ ᠬᠠᠢ᠌ᠷᠠᠯᠠᠵᠤ ᠭᠦᠮᠤᠨ ᠵᠤᠨ ᠶᠢᠡᠨ ᠡᠷᠭᠦᠨ ᠵᠢᠳᠭᠦᠯ᠎ᠡ
ᠠᠪᠣ ᠠᠭᠤᠯᠠ᠂ ᠡᠵᠢ ᠭᠤᠤᠯ ᠮᠢᠨᠢ
ᠵᠤᠳ ᠰᠢᠭᠤᠷᠭᠠᠨ ᠳᠤ ᠬᠠᠯᠬᠠᠪᠴᠢ ᠪᠣᠯᠤᠭᠠᠤᠨ ᠳᠠᠪᠤᠨ ᠬᠤᠰᠢᠭᠤᠳᠤ ᠪᠠᠨ ᠬᠠᠮᠠᠭᠠᠯᠠᠵᠤ ᠢᠷᠠᠯ᠎ᠠ
ᠲᠦᠮᠡᠨ ᠰᠦᠷᠦᠭ᠌ ᠤᠨ ᠶᠢᠡᠨ ᠳᠠᠷᠭᠤ ᠶᠢ ᠪᠠᠳᠤᠯᠠᠵᠤ ᠳᠠᠢ᠌ᠪᠣᠩ ᠠᠮᠤᠭᠤᠯᠠᠩ ᠦᠷᠡᠵᠢᠭᠦᠯᠵᠤ ᠢᠷᠠᠯ᠎ᠠ
ᠵᠠᠭᠤᠨ ᠣᠪᠣᠭᠳᠠᠨ ᠳᠤ ᠪᠠᠨ ᠭᠡᠰᠢᠭ᠌ ᠶᠢᠡᠨ ᠭᠦᠷᠳᠡᠭᠡᠵᠤ ᠰᠡᠳᠭᠢᠯ ᠤᠨ ᠭᠦᠨ ᠳᠤ ᠨᠢ ᠰᠢᠳᠦᠭ᠍ᠳᠡᠵᠤ ᠢᠷᠠᠯ᠎ᠠ
ᠲᠦᠯ ᠤᠨ ᠳᠠᠭᠤᠨ ᠢ ᠡᠷᠭᠢ ᠳᠤ ᠪᠠᠨ ᠱᠤᠩᠪᠠᠭᠤᠯᠵᠤ ᠣᠶᠠᠩᠭ᠋᠎ᠠ ᠶᠢᠨ ᠴᠡᠩᠭᠡᠷ ᠬᠠᠳᠠᠭ ᠰᠢᠭ ᠮᠥᠩᠭᠡᠷᠡᠨ᠎ᠡ
ᠠᠪᠣ ᠠᠭᠤᠯᠠ᠂ ᠡᠵᠢ ᠭᠤᠤᠯ ᠮᠢᠨᠢ
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 05 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ