ᠨᠡᠪᠲᠡᠷᠡᠨ ᠤᠷᠤᠬᠤ
ᠡᠷᠭᠢᠴᠡᠭᠦᠯᠦᠯ

ᠡᠷᠭᠢᠴᠡᠭᠦᠯᠦᠯ ᠳᠤᠮᠳᠠ ᠪᠠᠨ ᠣᠷᠤᠰᠢᠨ᠎ᠠ ᠭᠡᠭ᠍ᠴᠢ

ᠡᠷᠭᠢᠵᠤ ᠥᠩᠭᠡᠷᠡᠭ᠍ᠰᠡᠨ ᠢ ᠨᠡᠭᠡᠭᠦ ᠶᠢ ᠥᠭᠦᠯᠡᠨᠡᠮ

ᠡᠷᠭᠢᠴᠡᠭᠦᠯᠦᠯ ᠭᠡᠳᠡᠭ᠌ ᠴᠢᠨᠢ ᠢᠳᠠ ᠳᠠᠨ ᠭᠡᠵᠤ

ᠡᠪᠯᠡᠭᠦᠯᠵᠤ ᠰᠡᠳᠭᠢᠯ ᠶᠢᠡᠨ ᠠᠷᠭᠠᠳᠠᠬᠤ ᠪᠢᠰᠢ

ᠡᠪᠳᠡᠢ ᠥᠩᠭᠡᠷᠡᠭ᠍ᠰᠡᠨ ᠳᠠᠷᠠ ᠯᠠ ᠠᠮᠢᠳᠤᠷᠠᠯ

ᠡᠶ᠎ᠡ ᠶᠢᠨ ᠰᠠᠢ᠌ᠬᠠᠨ ᠳᠤᠷᠠᠰᠤᠮᠵᠢ ᠲᠡᠶ ᠳᠠᠭᠠᠨ ᠶᠤᠮ


ᠠᠪᠴᠤ ᠣᠳᠤᠭᠰᠠᠨ ᠮᠦᠴᠡ ᠪᠦᠷᠢ ᠴᠢᠨᠢ

ᠠᠮᠢᠳᠤᠷᠠᠯ ᠤᠨ ᠭᠢᠯᠪᠠᠭ᠎ᠠ ᠪᠠᠢ᠌ᠭᠰᠠᠨ ᠶᠤᠮ

ᠥᠭ᠍ᠴᠤ ᠦᠯᠡᠳᠡᠭᠡᠭ᠍ᠰᠡᠨ ᠭᠤᠸ᠎ᠠ ᠪᠦᠷᠢ ᠴᠢᠨᠢ

ᠠᠮᠢ ᠨᠠᠰᠤᠨ ᠤ ᠮᠢᠨᠢ ᠭᠦᠷᠦᠩᠭᠡ ᠪᠠᠢ᠌ᠭᠰᠠᠨ ᠶᠤᠮ

ᠠᠪᠣ ᠳᠠᠨ ᠶᠢᠠᠨ ᠪᠠᠢ᠌ᠭᠰᠠᠨ

ᠠᠮᠢᠳᠤᠷᠠᠯ ᠤᠳ ᠮᠢᠨᠢ

ᠠᠯᠢᠶ᠎ᠠ ᠳᠠᠮᠢᠷ ᠤᠨ ᠳᠡᠩᠭᠡᠷᠡᠯ ᠪᠠᠢ᠌ᠭᠰᠠᠨ ᠶᠤᠮ

ᠡᠷᠭᠢᠴᠡᠭᠦᠯᠦᠯ ᠳᠤᠮᠳᠠ ᠪᠠᠨ ᠣᠷᠤᠰᠢᠨ᠎ᠠ ᠭᠡᠭ᠍ᠴᠢ

ᠡᠭᠦᠷᠢᠳᠡ ᠳᠡᠭᠦᠨ ᠡᠴᠡ ᠰᠠᠯᠤᠭᠰᠠᠨ ᠤ ᠭᠢ ᠶᠤᠮ

ᠡᠷᠭᠢᠵᠤ ᠳᠠᠭᠢᠨ ᠰᠠᠨᠠᠬᠤ ᠭᠡᠭ᠍ᠴᠢ

ᠡᠭᠦᠷᠢᠳᠡ ᠶᠢᠨ ᠭᠤᠸ᠎ᠠ ᠳᠠᠷᠠ ᠪᠠᠢ᠌ᠭᠰᠠᠨ ᠤ ᠭᠢ ᠶᠤᠮ


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ


ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 05 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ