☆ ᠨᠠ᠊·ᠭᠡᠭᠡᠡᠰᠡᠷᠡ
ᠨᠠᠳᠠᠳᠤ ᠣᠷᠮ᠎ᠠ ᠬᠠᠢ᠌ᠷᠠᠯᠠᠭᠠᠴᠢ
ᠨᠠᠳᠠᠳᠤ ᠣᠷᠮ᠎ᠠ ᠬᠠᠢ᠌ᠷᠠᠯᠠᠭᠠᠴᠢ
ᠪᠣᠯᠵᠤ ᠪᠠᠢ᠌ᠨ᠎ᠠ ᠳ᠋ᠠ᠂ ᠴᠢᠷᠮᠠᠢ ᠭᠡᠵᠤ
ᠪᠣᠷᠠᠮ ᠤᠨ ᠨᠢᠭᠡ ᠥᠭᠡ ᠬᠠᠢ᠌ᠷᠠᠯᠠᠭᠠᠴᠢ
ᠪᠣᠰᠢᠭᠤᠯᠠᠭᠠᠴᠢ ᠳ᠋ᠠ᠂ ᠠᠮᠵᠢᠵᠤ ᠪᠢᠴᠢ ᠭᠡᠵᠤ
ᠪᠣᠯᠤᠳ ᠤᠨ ᠴᠢᠩᠭ᠎ᠠ ᠵᠤᠷᠢᠭ ᠬᠠᠢ᠌ᠷᠠᠯᠠᠭᠠᠴᠢ
ᠪᠣᠷᠤᠭᠤᠳᠠᠭᠰᠠᠨ ᠴᠤ ᠵᠠᠰᠠᠭᠠᠤᠨ ᠁ ᠭᠡᠵᠤ
ᠪᠣᠴᠠᠭᠠᠰᠢ ᠦᠭᠡᠶ 《ᠦᠨᠡᠨ》 ᠊ᠢ ᠬᠠᠢ᠌ᠷᠠᠯᠠᠭᠠᠴᠢ
ᠤᠢ᠌ᠴᠢᠭᠤᠵᠠᠢ ᠭᠡᠷᠰᠤᠯᠡ ᠭᠡᠵᠤ
ᠣᠬᠠᠭᠠᠨ ᠤ ᠭᠢᠯᠠᠰ ᠣᠴᠢ ᠬᠠᠢ᠌ᠷᠠᠯᠠᠭᠠᠴᠢ
ᠤᠢ᠌ᠴᠢᠭᠰᠠᠨ ᠴᠤ ᠶᠠᠭᠠᠭᠢᠬᠤ ᠪᠣᠢ᠂ ᠪᠣᠰᠤᠭᠠᠤᠨ︕ ᠭᠡᠵᠤ
ᠣᠴᠢᠭ ᠤᠨ ᠳᠤᠯᠭᠠᠭᠤᠷᠢ ᠢᠳᠡᠭᠡᠯ ᠬᠠᠢ᠌ᠷᠠᠯᠠᠭᠠᠴᠢ
ᠨᠠᠷᠠᠳᠤ ᠳᠤ ᠭᠦᠮᠤᠨ ᠪᠣᠯᠬᠤ ᠰᠠᠢ᠌ᠬᠠᠨ
ᠨᠠᠳᠠ ᠰᠢᠭ ᠭᠦᠮᠤᠨ
ᠭᠦᠮᠤᠨ ᠪᠣᠯᠤᠭᠠᠤᠨ ᠬᠤᠷᠸ᠎ᠠ ᠳᠤ
ᠭᠦᠮᠤᠨ ᠤ ᠪᠠᠨ ᠰᠠᠢ᠌ᠨ ᠢ ᠭᠦᠷᠳᠡᠭᠦ ᠰᠠᠢ᠌ᠬᠠᠨ
ᠭᠦᠰᠡᠯ ᠨᠢ ᠳᠠᠩᠳᠠ ᠭᠤᠶᠤ ᠪᠠᠢ᠌ᠳᠠᠭ ᠴᠤ
ᠭᠦᠰᠡᠷᠳᠡᠭᠦ ᠶᠢᠨ ᠥᠵᠦᠭᠦᠷ ᠰᠥᠭᠦᠷᠡᠭᠦᠯᠵᠤ ᠣᠷᠭᠢᠳᠠᠭ
ᠭᠦᠴᠢᠷ ᠨᠢ ᠳᠡᠩᠳᠡᠭᠦᠤ ᠣᠷᠴᠢᠯᠠᠩ ᠳᠠᠭᠠᠨ
ᠭᠦᠮᠤᠨ ᠨᠢ ᠭᠦᠮᠤᠨ ᠳᠡᠭᠡᠨ
ᠭᠦᠴᠤ ᠦᠭᠭᠦ ᠪᠠᠰᠠ ᠴᠤ ᠰᠠᠢ᠌ᠬᠠᠨ
ᠨᠠᠳᠠᠳᠤ ᠣᠷᠮ᠎ᠠ ᠬᠠᠢ᠌ᠷᠠᠯᠠᠭᠠᠴᠢ
ᠨᠠ᠊ · ᠭᠡᠭᠡᠡᠰᠡᠷᠡ ᠳᠤ ᠣᠷᠮ᠎ᠠ ᠬᠠᠢ᠌ᠷᠠᠯᠠᠭᠠᠴᠢ ᠡ
ᠵᠤᠬᠢᠶᠠᠭᠴᠢ ᠶᠢᠨ ᠬᠠᠶᠢᠭ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠣᠤᠠᠬ᠎ᠠ ᠵᠤᠬᠢᠶᠠᠯ ᠰᠤᠳᠤᠯᠬᠤ ᠭᠠᠵᠠᠷ
ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 06 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ