☆ ᠭᠦᠷᠵᠡᠪ
ᠦᠢᠯᠠᠰ ᠳᠡᠷᠭᠡᠯ ᠮᠤᠩᠭ᠋ᠤᠯ ᠰᠤᠷᠭᠠᠭᠤᠯᠢ
᠊᠊᠊᠊᠊᠊᠊᠊᠊᠊᠊᠊᠊᠊᠊ ᠣᠯᠠᠭᠠᠠᠬᠠᠳᠠ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠶᠢᠡᠷ ᠲ᠋ᠤᠭᠤᠷᠢᠨ ᠰᠤᠷᠤᠯᠴᠠᠭᠰᠠᠨ ᠳᠡᠮᠳᠡᠭᠯᠡᠯ
ᠣᠯᠠᠭᠠᠠᠬᠠᠳᠠ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠶᠢᠡᠷ ᠪᠠᠭᠰᠢ ᠨᠡᠷ ᠶᠢᠡᠨ ᠳᠤᠭᠤᠷᠢᠭᠤᠯᠵᠤ ᠰᠤᠷᠤᠯᠴᠠᠭᠤᠯᠤᠶ᠎ᠠ ᠭᠡᠳ ᠮᠠᠨᠠᠢ᠌ᠭᠢᠨ ᠣᠨ ᠣᠳᠠᠭᠰᠠᠨ ᠶᠤᠮ ᠳ᠋ᠠ᠃
ᠡᠨᠡ ᠰᠠᠢ᠌ᠬᠠᠨ ᠭᠦᠰᠡᠯ ᠪᠣᠳᠤᠯ ᠮᠢᠨᠢ ᠠᠯᠢ ᠨᠢᠭᠡᠨ ᠡᠳᠦᠷ ᠶᠤᠰᠤᠴᠢᠯᠠᠨ ᠪᠠᠶᠡᠯᠡᠭ᠍ᠳᠡᠭᠦ ᠶᠢ ᠭᠦᠰᠡᠨ ᠬᠠᠷᠠᠭᠰᠠᠭᠠᠷ᠂ ᠡᠨᠡ ᠰᠠᠷ᠎ᠠ ᠶᠢᠨ ᠡᠭᠢ ᠪᠠᠷ (05.03 ᠊᠊᠊᠊᠊᠊᠊᠊᠊᠊᠊᠊᠊᠊᠊ 05.07)᠂ ᠮᠢᠨᠤ ᠪᠠᠶ᠎ᠠ ᠮᠠᠨ ᠤ ᠰᠤᠷᠭᠠᠭᠤᠯᠢ ᠶᠢᠨ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠪᠠᠭᠰᠢ ᠨᠡᠷ ᠡᠴᠡ ᠪᠠᠨ ᠭᠡᠯᠡ᠂ ᠳᠤᠭ᠎ᠠ᠂ ᠭᠢᠳᠠᠤᠨ ᠭᠡᠯᠡ ᠪᠢᠴᠢᠭ᠌ ᠤᠨ ᠪᠠᠭᠰᠢ 14 ᠭᠦᠮᠤᠨ ᠢ ᠳᠠᠭᠠᠭᠤᠯᠵᠤ᠂ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ᠂ ᠬᠠᠨ ᠠᠭᠤᠯᠠ ᠪᠠᠭ᠎ᠠ ᠰᠤᠷᠭᠠᠭᠤᠯᠢ᠂ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠵᠡᠷᠭᠡ ᠭᠤᠷᠪᠠᠨ ᠮᠤᠩᠭ᠋ᠤᠯ ᠰᠤᠷᠭᠠᠭᠤᠯᠢ ᠪᠠᠷ ᠭᠤᠷᠪᠠᠨ ᠪᠦᠭᠦᠯᠢ ᠡᠳᠦᠷ ᠭᠢᠴᠢᠶᠠᠯ ᠰᠤᠨᠤᠰᠴᠤ᠂ ᠳᠤᠭᠤᠷᠢᠨ ᠦᠵᠡᠵᠤ᠂ ᠳᠤᠷᠰᠢᠯᠭ᠎ᠠ ᠰᠤᠯᠢᠯᠴᠠᠵᠤ ᠶᠠᠪᠣᠬᠤ ᠳᠠᠭᠠᠨ᠂ ᠡᠳᠦᠷ ᠣᠳᠠᠭᠰᠠᠨ ᠥᠩᠭᠡᠳᠤ ᠵᠡᠭᠦᠳᠤ ᠮᠦᠷᠦᠭᠡᠳᠦᠯ ᠶᠢᠡᠨ ᠪᠣᠳᠠᠳᠠᠢ᠌ᠴᠢᠯᠠᠨ ᠪᠠᠶᠡᠯᠡᠭᠦᠯᠵᠤ ᠪᠢᠯᠠ ︕
ᠠᠩᠬᠠᠨ ᠤ ᠡᠳᠦᠷ ᠶᠢᠡᠨ ᠪᠢᠳᠠ᠂ 05 ᠰᠠᠷ᠎ᠠ ᠶᠢᠨ 04 ᠊ᠤ ᠦᠳᠡ ᠬᠣᠢ᠌ᠨ᠎ᠠ᠂ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠳᠤ ᠭᠢᠴᠢᠶᠠᠯ ᠰᠤᠨᠤᠰᠬᠤ᠂ ᠳᠤᠭᠤᠷᠢᠨ ᠥᠵᠡᠭᠦ᠂ ᠰᠠᠭᠤᠳᠠᠯ ᠤᠨ ᠬᠤᠷᠠᠯ ᠡᠷᠭᠢᠯᠡᠨ ᠳᠤᠷᠰᠢᠯᠭ᠎ᠠ ᠰᠤᠯᠢᠯᠴᠠᠬᠤ ᠪᠠᠷ ᠡᠭᠢᠯᠡᠭᠦᠯᠦᠭ᠍ᠰᠡᠨ᠃
ᠴᠢᠪᠠᠭ᠎ᠠ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠭᠡᠵᠤ 1958 ᠣᠨ ᠳᠤ ᠪᠠᠢ᠌ᠭᠤᠯᠤᠭᠳᠠᠭᠰᠠᠨ ᠳᠡᠦᠭᠡᠳᠤ ᠰᠤᠷᠭᠠᠭᠤᠯᠢ᠃ ᠣᠳᠤ 15276 ᠳᠡᠭ᠍ᠰᠢ ᠳᠦᠷᠪᠠᠯᠵᠢᠨ ᠮᠸᠲ᠋ᠷ ᠳᠠᠯᠠᠪᠠᠢ ᠲᠡᠶ᠂ 22 ᠭᠢᠴᠢᠶᠡᠯᠯᠡᠭᠦ ᠠᠩᠭᠢ᠂ 967 ᠨᠠᠷᠠ ᠰᠤᠷᠤᠭᠴᠢ᠂ 115 ᠨᠠᠷᠠ ᠪᠠᠭᠰᠢ ᠠᠵᠢᠯᠳᠠᠨ ᠲᠡᠶ᠂ ᠪᠠᠭᠠᠵᠢ ᠳᠦᠭᠦᠭᠡᠷᠦᠮᠵᠢ ᠪᠦᠷᠢᠨ᠂ ᠪᠠᠢ᠌ᠷᠢᠰᠢᠯ ᠰᠠᠭᠤᠷᠢᠰᠢᠯ ᠭᠦᠢᠴᠡᠳ᠂ ᠵᠢᠭᠠᠬᠤ ᠰᠤᠷᠭᠠᠬᠤ ᠶᠠᠰᠤ ᠴᠢᠨᠠᠷᠵᠢᠯ ᠦᠨᠳᠦᠷ᠂ ᠣᠯᠤᠰ ᠣᠷᠤᠨ ᠤ ᠱᠠᠩᠨᠠᠯᠳᠤ ᠰᠢᠯᠢᠳᠡᠭ᠌ ᠰᠤᠷᠭᠠᠭᠤᠯᠢ᠂ ᠳᠡᠷᠢᠭᠦᠨ ᠤ ᠰᠤᠷᠭᠠᠭᠤᠯᠢ᠂ ᠢᠷᠠᠭᠤ ᠣᠳᠤᠮᠰᠢᠯᠳᠤ ᠰᠤᠷᠭᠠᠭᠤᠯᠢ᠃ ᠳᠤᠰ ᠰᠤᠷᠭᠠᠭᠤᠯᠢ ᠳᠤ ᠪᠢᠳᠠ ᠦᠳᠡ ᠶᠢᠨ ᠬᠣᠢ᠌ᠨᠠᠭᠢ ᠨᠢᠭᠡ ᠬᠤᠶᠠᠳᠤᠭᠠᠷ ᠴᠠᠭ ᠲᠤ ᠭᠢᠴᠢᠶᠠᠯ ᠰᠤᠨᠤᠰᠴᠤ᠂ ᠭᠤᠷᠪᠠᠳᠤᠭᠠᠷ ᠴᠠᠭ ᠲᠤ ᠨᠢ ᠭᠡᠷ ᠪᠠᠷᠢᠯᠭ᠎ᠠ᠂ ᠣᠷᠤᠨ ᠰᠠᠭᠤᠴᠠ᠂ ᠣᠷᠴᠢᠨ ᠳᠤᠭᠤᠷᠢᠨ᠂ ᠣᠠᠴᠠᠯᠢᠭᠳᠤ ᠭᠦᠮᠦᠵᠢᠯ ᠭᠦᠳᠡᠯᠭᠡᠭᠡᠨ᠂ ᠣᠯᠠᠨ ᠳᠠᠯᠠᠳᠤ ᠠᠵᠢᠯᠯᠠᠭ᠎ᠠ ᠭᠢᠳᠠᠯ᠂ ᠰᠤᠷᠭᠠᠭᠤᠯᠢ ᠶᠢᠨ ᠵᠢᠭᠠᠨ ᠰᠤᠷᠭᠠᠯᠳᠠ ᠵᠡᠷᠭᠡ ᠣᠯᠠᠨ ᠳᠠᠯ᠎ᠠ ᠶᠢ ᠨᠢ ᠦᠵᠡᠵᠤ ᠳᠤᠭᠤᠷᠢᠵᠤ᠂ ᠰᠤᠷᠴᠤ ᠰᠤᠨᠢᠷᠬᠠᠵᠤ ᠶᠠᠪᠣᠭᠰᠠᠨ᠃ ᠳᠦᠷᠪᠠᠳᠦᠭᠡᠷ ᠴᠠᠭ ᠲᠤ ᠨᠢ ᠳᠤᠰ ᠰᠤᠷᠭᠠᠭᠤᠯᠢ ᠶᠢᠨ ᠣᠳᠤᠷᠢᠳᠤᠯᠭ᠎ᠠ ᠪᠣᠯᠤᠨ ᠭᠡᠰᠡᠭ᠌ ᠪᠠᠭᠰᠢ ᠠᠵᠢᠯᠳᠠᠨ ᠲᠡᠶ ᠰᠠᠭᠤᠳᠠᠯ ᠤᠨ ᠬᠤᠷᠠᠯ ᠭᠢᠵᠤ ᠳᠤᠷᠰᠢᠯᠭ᠎ᠠ ᠰᠠᠨᠠᠯ ᠶᠢᠡᠨ ᠰᠤᠯᠢᠯᠴᠠᠭᠰᠠᠨ᠃
ᠬᠤᠶᠠᠳᠤᠭᠠᠷ ᠡᠳᠦᠷ᠂ 05 ᠰᠠᠷ᠎ᠠ ᠶᠢᠨ 05 ᠊ᠤ ᠡᠳᠦᠷ᠂ ᠪᠢᠳᠠ ᠬᠠᠨ ᠠᠭᠤᠯᠠ ᠪᠠᠭ᠎ᠠ ᠰᠤᠷᠭᠠᠭᠤᠯᠢ ᠳᠤ ᠳᠤᠭᠤᠷᠢᠨ ᠰᠤᠷᠤᠯᠴᠠᠭᠰᠠᠨ᠃ ᠬᠠᠨ ᠠᠭᠤᠯᠠ ᠪᠠᠭ᠎ᠠ ᠰᠤᠷᠭᠠᠭᠤᠯᠢ ᠭᠡᠵᠤ ᠰᠢᠨᠡᠭᠡᠨ ᠪᠠᠢ᠌ᠭᠤᠯᠤᠭᠳᠠᠭᠰᠠᠨ ᠰᠤᠷᠭᠠᠭᠤᠯᠢ᠃ ᠰᠢᠨᠡᠭᠡᠨ ᠪᠠᠢ᠌ᠭᠤᠯᠤᠭᠳᠠᠭᠰᠠᠨ ᠭᠡᠳᠡᠭ᠌ ᠪᠣᠯᠪᠠᠴᠤ᠂ ᠰᠢᠨᠡᠭᠡᠨ ᠪᠠᠢ᠌ᠭᠤᠯᠤᠭᠳᠠᠭᠰᠠᠨ ᠰᠤᠷᠭᠠᠭᠤᠯᠢ ᠭᠡᠵᠤ ᠮᠡᠳᠡᠭ᠍ᠳᠡᠮ᠎ᠡ ᠦᠭᠡᠶ᠂ ᠰᠢᠯᠢᠳᠡᠭ᠌ ᠰᠤᠳᠤᠨ ᠪᠠᠭᠰᠢ ᠨᠡᠷ ᠲᠡᠶ᠂ ᠰᠢᠷ ᠭᠡᠰᠡᠨ ᠣᠳᠤᠷᠢᠳᠤᠯᠭ᠎ᠠ ᠲᠡᠶ᠂ ᠰᠢᠠᠵᠢᠵᠤ ᠰᠤᠳᠤᠯᠳᠠᠭ ᠰᠠᠳᠤᠪ ᠲᠡᠶ᠂ ᠰᠡᠷᠭᠦᠯᠡᠩ ᠭᠦᠭᠡᠷᠦᠭᠦᠨ ᠪᠠᠭᠠᠴᠤᠳ ᠲᠡᠶ᠂ ᠦᠪᠡᠷ ᠤᠨ ᠣᠠᠴᠠᠯᠢᠭ ᠲᠡᠶ᠂ ᠦᠪᠡᠷᠮᠢᠴᠠ ᠪᠦᠳᠦᠮᠵᠢᠳᠡᠢ ᠰᠤᠷᠭᠠᠭᠤᠯᠢ᠃ ᠳᠤᠰ ᠰᠤᠷᠠᠭᠭᠤᠯᠢ ᠳᠤ ᠪᠢᠳᠠ ᠦᠳᠡ ᠶᠢᠨ ᠡᠮᠤᠨ᠎ᠡ᠂ ᠨᠢᠭᠡ ᠡᠴᠡ ᠭᠤᠷᠪᠠᠳᠤᠭᠠᠷ ᠴᠠᠭ ᠲᠤ ᠭᠢᠴᠢᠶᠠᠯ ᠰᠤᠨᠤᠰᠴᠤ᠂ ᠳᠦᠷᠪᠠᠳᠦᠭᠡᠷ ᠴᠠᠭ ᠲᠤ ᠨᠢ ᠪᠠᠭᠰᠢ᠂ ᠣᠳᠤᠷᠢᠳᠤᠯᠭ᠎ᠠ ᠨᠡᠷ ᠲᠡᠶ ᠰᠠᠭᠤᠳᠠᠯ ᠤᠨ ᠬᠤᠷᠠᠯ ᠭᠢᠵᠤ ᠰᠠᠨᠠᠯ ᠳᠤᠷᠰᠢᠯᠭ᠎ᠠ ᠪᠠᠨ ᠰᠤᠯᠢᠯᠴᠠᠵᠤ ᠶᠠᠪᠣᠭᠰᠠᠨ᠃
ᠭᠤᠷᠪᠠᠳᠤᠭᠠᠷ ᠡᠳᠦᠷ᠂ 05 ᠰᠠᠷ᠎ᠠ ᠶᠢᠨ 06 ᠊ᠤ ᠡᠳᠦᠷ ᠪᠢᠳᠠ᠂ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠳᠤ ᠳᠤᠭᠤᠷᠢᠵᠤ ᠰᠤᠷᠤᠯᠴᠠᠭᠰᠠᠨ᠃
ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠭᠡᠵᠤ ᠪᠠᠢ᠌ᠭᠤᠯᠤᠭᠳᠠᠭᠠᠤᠨ 101 ᠵᠢᠯ ᠪᠣᠯᠵᠤ ᠪᠠᠢ᠌ᠭ᠎ᠠ ᠣᠷᠳᠤ ᠨᠠᠰᠤᠳᠠᠢ ᠣᠳᠤᠮᠰᠢᠯᠳᠤ ᠰᠤᠷᠭᠠᠯ ᠭᠦᠮᠦᠵᠢᠯ ᠲᠡᠶ᠂ ᠣᠤᠷ ᠰᠤᠶᠤᠯ ᠤᠨ ᠥᠯᠦᠭᠡᠢ ᠪᠣᠯᠤᠭᠰᠠᠨ ᠰᠤᠷᠭᠠᠭᠤᠯᠢ᠃ ᠳᠤᠰ ᠰᠤᠷᠭᠠᠭᠤᠯᠢ ᠨᠢ 18000 ᠳᠡᠭ᠍ᠰᠢ ᠳᠦᠷᠪᠠᠯᠵᠢᠨ ᠮᠸᠲ᠋ᠷ ᠳᠠᠯᠠᠪᠠᠢ ᠲᠡᠶ᠂ 1400 ᠭᠠᠷᠤᠢ ᠰᠤᠷᠤᠭᠴᠢ ᠲᠡᠶ᠂ 114 ᠨᠠᠷᠠ ᠪᠠᠭᠰᠢ ᠠᠵᠢᠯᠳᠠᠨ ᠲᠡᠶ ᠨᠢᠵᠢᠭᠡᠷ ᠳᠤᠮᠤ ᠰᠤᠷᠭᠠᠭᠤᠯᠢ᠃ ᠣᠯᠠᠨ ᠠᠷᠪᠢᠨ ᠡᠷᠳᠡᠮᠳᠡᠨ ᠴᠢᠳᠠᠪᠣᠷᠢᠳᠠᠤᠨ ᠢ ᠭᠦᠮᠦᠵᠢᠭᠦᠯᠤᠨ ᠭᠠᠷᠭᠠᠵᠤ᠂ ᠣᠯᠤᠰ ᠣᠷᠤᠨ ᠤ ᠠᠵᠤ ᠠᠬᠤᠢ᠂ ᠪᠦᠳᠦᠭᠡᠨ ᠪᠠᠢ᠌ᠭᠤᠯᠤᠯᠳᠠ᠂ ᠣᠤᠠᠬ᠎ᠠ ᠰᠤᠶᠤᠯ ᠤᠨ ᠴᠤᠭᠴᠠᠯᠠᠯᠳᠠ ᠳᠤ ᠭᠦᠴᠤ ᠨᠡᠮᠡᠭᠦᠷᠢ ᠪᠠᠨ ᠡᠷᠭᠦᠭ᠍ᠰᠡᠨ ᠭᠠᠪᠢᠶᠠᠳᠤ ᠰᠤᠷᠭᠠᠭᠤᠯᠢ᠃ ᠳᠤᠰ ᠰᠤᠷᠭᠠᠭᠤᠯᠢ ᠡᠴᠡ ᠦᠷᠭᠡᠨ ᠵᠡᠷᠭᠡ ᠶᠢᠨ ᠮᠤᠵᠢ ᠣᠷᠤᠨ ᠤ ᠳᠠᠰ ᠤᠨ ᠣᠳᠤᠷᠢᠳᠤᠯᠭ᠎ᠠ᠂ ᠪᠠᠶᠡ᠊ᠨᠳᠡᠯᠡᠭᠡᠢ᠂ ᠴᠢᠭᠢᠷᠠᠭ᠂ ᠳᠠᠷᠢᠰᠠᠷᠠᠩ ᠵᠡᠷᠭᠡ ᠶᠢᠨ ᠠᠢ᠌ᠮᠠᠭ ᠬᠤᠳᠠ ᠶᠢᠨ ᠳᠠᠰ ᠤᠨ ᠳᠠᠷᠤᠭ᠎ᠠ᠂ ᠰᠠᠢ᠌ᠠᠠᠤᠶᠤᠳᠤ᠂ ᠴᠥᠢᠵᠢᠰᠡᠩᠭᠡ ᠵᠡᠷᠭᠡ ᠪᠠᠢ᠌ᠯᠳᠤᠭᠠᠨ ᠤ ᠪᠠᠭᠠᠳᠤᠷ (ᠦᠷᠭ᠍ᠳᠡᠭ᠍ᠰᠡᠨ ᠪᠠᠭᠠᠳᠤᠷ)᠂ ᠪ᠊·ᠪᠦᠷᠢᠡᠪᠠᠭᠢ᠂ ᠨᠠ᠊·ᠰᠠᠢ᠌ᠰᠢᠶᠠᠯᠳᠤ᠂ ᠰᠤᠳᠤᠪᠢᠯᠢᠭ᠌᠂ ᠬᠤᠷᠴᠠ᠂ ᠢ᠊·ᠷᠢᠠᠴᠢᠠᠳᠤᠷᠵᠢ᠂ ᠰᠤᠳᠨᠠᠮᠷᠠᠪᠳᠠᠨ᠂ ᠪᠦᠷᠢᠡᠪᠠᠳᠤ ᠵᠡᠷᠭᠡ ᠶᠢᠨ ᠣᠷᠠᠨ ᠵᠤᠬᠢᠶᠠᠯᠴᠢ᠂ ᠰᠤᠷᠭᠠᠨ ᠭᠦᠮᠦᠵᠢᠯᠳᠡᠨ᠂ ᠡᠷᠳᠡᠮᠳᠡᠨ ᠴᠢᠳᠠᠪᠣᠷᠢᠳᠠᠤᠨ ᠣᠯᠠᠨ ᠭᠦᠮᠦᠵᠢᠭ᠍ᠳᠡᠨ ᠭᠠᠷᠴᠤ᠂ ᠭᠦᠮᠤᠨ ᠠᠷᠠᠤᠨ ᠤᠨ ᠶᠢᠡᠨ ᠭᠦᠷᠢᠶᠡᠯᠡᠯ ᠪᠠᠬᠠᠷᠬᠠᠯ ᠢ ᠭᠦᠷᠳᠡᠵᠤ ᠶᠠᠪᠣᠭᠰᠠᠨ ᠪᠠᠢ᠌ᠭ᠎ᠠ᠃ ᠳᠤᠰ ᠰᠤᠷᠭᠠᠭᠤᠯᠢ ᠳᠤ ᠪᠢᠳᠠ᠂ ᠮᠦᠨᠴᠤ ᠦᠳᠡ ᠶᠢᠨ ᠡᠮᠦᠨᠡᠭᠢ ᠨᠢᠭᠡ ᠡᠴᠡ ᠭᠤᠷᠪᠠᠳᠤᠭᠠᠷ ᠴᠠᠭ ᠲᠤ ᠭᠢᠴᠢᠶᠠᠯ ᠰᠤᠨᠤᠰᠴᠤ᠂ ᠳᠦᠷᠪᠠᠳᠦᠭᠡᠷ ᠴᠠᠭ ᠲᠤ ᠨᠢ ᠰᠠᠭᠤᠳᠠᠯ ᠤᠨ ᠬᠤᠷᠠᠯ ᠭᠢᠵᠤ ᠳᠤᠷᠰᠢᠯᠭ᠎ᠠ ᠰᠠᠨᠠᠯ ᠶᠢᠡᠨ ᠰᠤᠯᠢᠯᠴᠠᠵᠤ ᠰᠠᠭᠤᠭᠰᠠᠨ᠃
ᠭᠡᠳᠤᠨ ᠡᠳᠦᠷ ᠳᠤᠭᠤᠷᠢᠵᠤ ᠰᠤᠷᠤᠯᠴᠠᠵᠤ ᠶᠠᠪᠣᠬᠤ ᠳᠤ ᠮᠢᠨᠢ᠂ ᠠᠷᠤ ᠬᠤᠷᠴᠢᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶᠠᠨ ᠤ ᠳᠠᠷᠤᠭ᠎ᠠ ᠮᠠᠠᠳᠤᠯ᠎ᠠ᠂ ᠵᠢᠭᠠᠬᠤ ᠶᠢ ᠰᠤᠳᠤᠯᠬᠤ ᠭᠡᠷ ᠤᠨ ᠡᠷᠭᠢᠯᠡᠭ᠍ᠴᠢ᠂ ᠣᠷᠠᠨ ᠵᠤᠬᠢᠶᠠᠯᠴᠢ᠂ ᠢᠷᠠᠭᠤ ᠨᠠᠢ᠌ᠷᠠᠭᠴᠢ ᠰᠢ᠊·ᠪᠠᠶᠠᠠᠪᠣᠯᠠᠭ᠂ ᠦᠨᠳᠦᠰᠦᠳᠠᠨ ᠤ ᠰᠤᠷᠭᠠᠨ ᠭᠦᠮᠦᠵᠢᠯ ᠤᠨ ᠰᠠᠯᠠᠭᠠᠨ ᠳᠠᠷᠤᠭ᠎ᠠ ᠣᠤᠠᠬᠠᠳᠤ ᠴᠢᠪᠠᠭ᠎ᠠ ᠮᠤᠩᠭ᠋ᠤᠯ ᠦᠨᠳᠦᠰᠦᠳᠠᠨ ᠤ ᠪᠠᠭ᠎ᠠ ᠰᠤᠷᠭᠠᠭᠤᠯᠢ ᠶᠢᠨ ᠵᠠᠭᠢᠷᠤᠯ ᠪᠦᠷᠢᠠᠪᠠᠭᠠᠨᠠ᠂ ᠳᠠᠳ᠋ ᠵᠠᠭᠢᠷᠤᠯ᠂ ᠣᠷᠠᠨ ᠵᠤᠬᠢᠶᠠᠯᠴᠢ ᠪᠦᠭᠡᠪᠠᠭᠠᠳᠤᠷ᠂ ᠡᠷᠭᠢᠯᠡᠭ᠍ᠴᠢ ᠡᠩᠭᠡ᠂ ᠣᠷᠳᠤ ᠨᠡᠷ ᠬᠠᠨ ᠠᠭᠤᠯᠠ ᠪᠠᠭ᠎ᠠ ᠰᠤᠷᠭᠠᠭᠤᠯᠢ ᠶᠢᠨ ᠵᠠᠭᠢᠷᠤᠯ ᠰᠠᠴᠠᠠᠪᠠᠳᠤ᠂ ᠳᠠᠳ᠋ ᠵᠠᠭᠢᠷᠤᠯ᠂ ᠵᠠᠯᠠᠭᠤ ᠣᠷᠠᠨ ᠵᠤᠬᠢᠶᠠᠯᠴᠢ ᠳᠠᠪᠬᠤᠷᠪᠠᠶᠠᠷ᠂ ᠠᠵᠢᠯᠴᠢᠨ ᠤ ᠡᠪᠯᠡᠯ ᠤᠨ ᠳᠡᠷᠢᠭᠦᠯᠡᠭ᠍ᠴᠢ ᠭᠠᠯᠰᠠᠩ ᠪᠠᠭᠠᠷᠢᠨ ᠪᠠᠷᠠᠭᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶᠠᠨ ᠤ ᠴᠢᠠᠳᠠᠮᠤᠨᠢ ᠱᠦᠵᠠᠢ᠂ ᠸᠠᠩᠴᠠᠭ ᠱᠦᠵᠠᠢ᠂ ᠣᠤᠳᠠ ᠳᠤᠪᠴᠢᠶᠠᠨ ᠳᠠᠷᠤᠭ᠎ᠠ᠂ ᠠᠯᠪᠠᠨ ᠭᠡᠷ ᠤᠨ ᠡᠷᠭᠢᠯᠡᠭ᠍ᠴᠢ ᠮᠥᠩᠭᠡᠪᠠᠳᠤ᠂ ᠦᠨᠳᠦᠰᠦᠳᠠᠨ ᠤ ᠰᠤᠷᠭᠠᠨ ᠭᠦᠮᠦᠵᠢᠯ ᠤᠨ ᠰᠠᠯᠠᠭᠠᠨ ᠳᠠᠷᠤᠭ᠎ᠠ ᠡᠷᠳᠡᠨᠢᠪᠤᠯᠠᠭ ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠵᠠᠭᠢᠷᠤᠯ ᠰᠠᠴᠠᠠᠵᠤᠷᠢᠭᠳᠤ᠂ ᠳᠠᠳ᠋ ᠵᠠᠭᠢᠷᠤᠯ ᠭᠠᠯᠰᠠᠩ᠂ ᠰᠠᠴᠠᠠᠪᠠᠭᠠᠳᠤᠷ᠂ ᠵᠢᠭᠠᠨ ᠰᠤᠷᠭᠠᠬᠤ ᠭᠠᠵᠠᠷ ᠤᠨ ᠡᠷᠭᠢᠯᠡᠭ᠍ᠴᠢ ᠰᠠᠷᠠᠩᠭ᠋ᠤᠸᠠ ᠵᠡᠷᠭᠡ ᠣᠳᠤᠷᠢᠳᠤᠯᠭ᠎ᠠ ᠪᠠᠭᠰᠢ ᠨᠡᠷ᠂ ᠪᠢᠳᠠᠨ ᠳᠤ ᠠᠯᠢᠪᠠ ᠶᠠᠭᠤᠮ᠎ᠠ ᠶᠢ ᠪᠦᠷᠢᠨ ᠵᠤᠭᠢᠴᠠᠭᠤᠯᠤᠨ ᠪᠦᠷᠢᠳᠦᠭᠦᠯᠵᠤ᠂ ᠪᠢᠳᠠᠨ ᠤ ᠰᠤᠷᠤᠯᠴᠠᠵᠤ ᠳᠤᠭᠤᠷᠢᠬᠤ ᠳᠤ ᠪᠦᠷᠢᠨ ᠪᠣᠯᠤᠮᠵᠢ ᠶᠢ ᠬᠠᠩᠭ᠋ᠠᠵᠤ ᠥᠭᠦᠭ᠍ᠰᠡᠨ᠃ ᠮᠦᠨᠴᠤ ᠡᠳᠡᠭᠡᠷ ᠳᠠᠷᠤᠭ᠎ᠠ ᠣᠳᠤᠷᠢᠳᠤᠯᠭ᠎ᠠ ᠪᠣᠶᠤ ᠪᠠᠭᠰᠢ ᠨᠡᠷ ᠭᠡᠳᠤᠨ ᠡᠳᠦᠷ ᠪᠢᠳᠠᠨ ᠳᠤ ᠪᠠᠷ᠎ᠠ ᠪᠣᠯᠵᠤ ᠳᠤᠭᠤᠷᠢᠵᠤ ᠰᠤᠷᠤᠯᠴᠠᠬᠤ ᠳᠤ ᠪᠠᠶᠠᠴᠢᠯᠠᠨ ᠣᠷᠤᠯᠴᠠᠵᠤ ᠶᠠᠪᠣᠭᠰᠠᠨ᠃
ᠪᠠᠰᠠ ᠴᠢᠪᠠᠭ᠎ᠠ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠱᠢᠷᠦᠡᠭᠦ᠋ᠤ᠂ ᠰᠤᠷᠤᠨ᠎ᠠ᠂ ᠰᠠᠴᠠᠠᠳᠤᠩᠭ᠋ᠠᠯᠠᠭ᠂ ᠡ᠊·ᠣᠷᠠᠩᠭ᠋ᠤᠸ᠎ᠠ (ᠭᠡᠯᠡ ᠪᠢᠴᠢᠭ᠌)᠂ ᠪᠣᠤ ᠬᠡᠰᠭᠡᠷᠡᠯ᠂ ᠪᠦᠷᠢᠠᠳᠤᠶᠠᠭᠠ᠂ ᠨᠠᠷᠠᠰᠤᠠᠨᠠᠪᠴᠢ᠂ ᠪᠠᠶᠠᠰᠤᠯ (ᠳᠤᠭᠠᠨ ᠤ ᠣᠬᠠᠭᠠᠨ)᠂ ᠤᠶᠠᠩᠭ᠎ᠠ᠂ ᠳᠤᠶᠠᠭ᠎ᠠ᠂ ᠠᠯᠳᠠ᠂ ᠪᠠᠢ ᠽᠦᠢ ᠢᠤᠢ (ᠭᠢᠳᠠᠤᠨ ᠭᠡᠯᠡ ᠪᠢᠴᠭ᠌) ᠵᠡᠷᠭᠡ ᠪᠠᠭᠰᠢ ᠨᠡᠷ ᠬᠠᠨ ᠠᠭᠤᠯᠠ ᠪᠠᠭ᠎ᠠ ᠰᠤᠷᠭᠠᠭᠤᠯᠢ ᠶᠢᠨ ᠬᠠᠰᠳᠤᠩᠭ᠋ᠠᠯᠠᠭ᠂ ᠤᠷᠠᠭᠤᠤ᠂ ᠬᠠᠰᠳᠠᠨ᠎ᠠ (ᠭᠡᠯᠡ ᠪᠢᠴᠢᠭ᠌)᠂ ᠸᠠᠨ ᠬᠤᠧᠨ᠂ ᠨᠣ᠊·ᠨᠠᠷᠠᠰᠤ᠂ ᠪᠣᠤ ᠮᠸᠢ ᠷᠦᠩ (ᠳᠤᠭᠠᠨ ᠤ ᠣᠬᠠᠭᠠᠨ)᠂ ᠶᠢᠨ ᠬᠤᠧᠨ᠂ ᠨᠠᠷᠠᠠᠳᠤᠶᠠᠭ᠎ᠠ᠂ ᠯᠢᠨ ᠯᠢ ᠵᠢᠤᠸᠠᠨ (ᠭᠢᠳᠠᠤᠨ ᠭᠡᠯᠡ ᠪᠢ᠌ᠴᠭ᠌) ᠵᠡᠷᠭᠡ ᠪᠠᠭᠰᠢ ᠨᠡᠷ ᠵᠢᠴᠢ ᠳ᠋ᠠᠪᠠᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠤᠳᠭᠠᠡᠭᠡᠷᠡᠯ᠂ ᠶᠢᠨ ᠷᠦᠩ᠂ ᠤᠯᠠᠭᠠᠡᠴᠡᠴᠡᠭ᠌ (ᠭᠡᠯᠡ ᠪᠢᠴᠢᠭ᠌)᠂ ᠨᠡᠷᠡᠡᠴᠢᠮᠡᠭ᠌᠂ ᠬᠠᠰᠳᠤᠶᠠᠭ᠎ᠠ᠂ ᠣᠷᠠᠩᠭ᠋ᠤᠸ᠎ᠠ (ᠳᠤᠭᠠᠨ ᠤ ᠣᠬᠠᠭᠠᠨ)᠂ ᠣᠳᠤᠨ᠂ ᠰᠢᠤ ᠶᠢᠩ᠂ ᠣᠷᠭᠢᠯ (ᠭᠢᠳᠠᠤᠨ ᠭᠡᠯᠡ ᠪᠢᠴᠢᠭ᠌) ᠵᠡᠷᠭᠡ ᠪᠠᠭᠰᠢ ᠭᠤᠤᠯᠴᠢᠯᠠᠨ ᠭᠢᠴᠢᠶᠠᠯ ᠪᠡᠯᠡᠳᠭᠡᠵᠤ᠂ ᠨᠡᠭᠡᠭᠡᠯᠳᠡ ᠭᠢᠭ᠍ᠰᠡᠨ᠃
ᠡ᠊ᠨᠳᠡ ᠪᠢ᠂ ᠨᠠᠳᠠ ᠲᠡᠶ ᠬᠠᠮᠳᠤ ᠣᠴᠢᠭᠰᠠᠨ 14 ᠪᠠᠭᠰᠢ ᠪᠣᠯᠤᠨ ᠡ᠊ᠨᠳᠡ ᠊᠊᠊᠊᠊᠊᠊᠊᠊᠊᠊᠊᠊᠊᠊ ᠰᠤᠷᠭᠠᠭᠤᠯᠢ ᠳᠠᠭᠠᠨ ᠥᠯᠡᠳᠡᠭ᠍ᠰᠡᠨ ᠪᠦᠭᠦ ᠣᠳᠤᠷᠢᠳᠤᠯᠭ᠎ᠠ᠂ ᠪᠠᠭᠰᠢ ᠨᠡᠷ ᠶᠢᠡᠨ ᠲᠦᠯᠦᠭᠡᠯᠡᠨ᠂ ᠮᠠᠨ ᠳᠤ ᠰᠤᠷᠤᠯᠴᠠᠵᠤ ᠳᠠᠪᠰᠢᠬᠤ ᠰᠠᠢ᠌ᠬᠠᠨ ᠠᠵᠠ ᠲᠤᠬᠢᠶᠠᠯ ᠣᠯᠭᠤᠭᠰᠠᠨ ᠡᠳᠡᠭᠡᠷ ᠣᠳᠤᠷᠢᠳᠤᠯᠭ᠎ᠠ᠂ ᠪᠠᠭᠰᠢ ᠨᠡᠷ ᠲᠤ ᠭᠦᠨ ᠳᠠᠯᠠᠷᠬᠠᠯ ᠳᠡᠪᠰᠢᠭᠦᠯᠵᠤ ᠪᠠᠢ᠌ᠨᠠᠮ ︕ ᠰᠠᠢ᠌ᠬᠠᠨ ᠰᠡᠳᠭᠢᠯᠳᠤ ᠭᠦᠮᠦᠰ ᠤᠨ ᠰᠠᠢ᠌ᠬᠠᠨ ᠣᠭᠳᠤᠯᠭ᠎ᠠ᠂ ᠳᠤᠭᠢᠷᠠᠭᠤᠯᠭ᠎ᠠ ᠳᠤ ᠳᠠᠯᠠᠷᠬᠠᠵᠤ ᠪᠠᠢ᠌ᠨᠠᠮ ︕ ᠰᠠᠢ᠌ᠬᠠᠨ ᠰᠡᠳᠭᠢᠯᠳᠤ ᠭᠦᠮᠦᠰ ᠤᠨ ᠰᠠᠢ᠌ᠬᠠᠨ ᠵᠣᠢ᠌ᠯᠠᠰ᠂ ᠰᠠᠢ᠌ᠬᠠᠨ ᠣᠢ᠌ᠯᠠᠰ ᠢ ᠰᠤᠷᠴᠤ ᠠᠩᠬᠠᠷᠴᠤ ᠭᠦᠰᠡᠯ ᠪᠣᠳᠤᠯ ᠶᠢᠡᠨ ᠳᠡᠵᠢᠭᠡᠯᠰᠢᠭᠦᠯᠵᠤ ᠳᠡᠩᠭᠡᠭᠡᠰᠢᠭᠦᠯᠵᠤ ᠶᠠᠪᠣᠭᠰᠠᠨ ᠳᠠᠭᠠᠨ ᠪᠠᠶᠠᠰᠴᠤ ᠪᠠᠢ᠌ᠨᠠᠮ ︕ ᠰᠡᠳᠭᠢᠯ ᠳᠦᠭᠦᠷᠡᠩ᠂ ᠢᠳᠡᠭᠡᠯ ᠪᠠᠷᠳᠠᠮ ᠪᠠᠢ᠌ᠨᠠᠮ ︕
ᠣᠯᠠᠭᠠᠠᠬᠠᠳᠠ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠤᠨ ᠶᠡᠷᠦᠩᠭᠡᠢ ᠣᠠᠴᠠᠯᠢᠭ ᠭᠡᠪᠠᠯ᠂ ᠦᠪᠡᠷ ᠤᠨ ᠣᠠᠴᠠᠯᠢᠭ᠂ ᠦᠨᠳᠦᠰᠦᠳᠠᠨ ᠤ ᠣᠠᠴᠠᠯᠢᠭ᠂ ᠭᠠᠵᠠᠷ ᠣᠷᠤᠨ ᠤ ᠣᠠᠴᠠᠯᠢᠭ᠂ ᠴᠠᠭ ᠦᠶ᠎ᠡ ᠶᠢᠨ ᠣᠠᠴᠠᠯᠢᠭ ᠶᠢᠡᠷ ᠳᠤᠪᠣᠢ᠌ᠯᠠᠭ᠃ ᠠᠯᠢ ᠴᠤ ᠰᠤᠷᠭᠠᠭᠤᠯᠢ ᠨᠢ ᠭᠡᠰᠡᠨ ᠴᠤ᠂ ᠠᠯᠢ ᠴᠤ ᠭᠠᠵᠠᠷ ᠣᠷᠤᠨ ᠤ᠂ ᠠᠯᠢ ᠴᠤ ᠰᠤᠷᠭᠠᠭᠤᠯᠢ ᠲᠡᠶ ᠳᠠᠪᠬᠤᠳᠠᠰᠢ ᠦᠭᠡᠶ ᠣᠠᠴᠠᠯᠢᠭ᠂ ᠴᠤᠭᠴᠠᠯᠠᠪᠣᠷᠢ᠂ ᠪᠦᠳᠦᠮᠵᠢᠳᠡᠢ᠃ ᠳᠠᠷᠠᠴᠢᠯᠠᠨ ᠠᠳᠠᠯᠢ ᠨᠢᠭᠡᠨ ᠭᠠᠵᠠᠷ ᠣᠷᠤᠨ ᠤ ᠰᠤᠷᠭᠠᠭᠤᠯᠢ ᠨᠤᠭᠤᠳ ᠨᠢ ᠴᠤ ᠬᠠᠷᠢᠯᠴᠠᠨ ᠳᠠᠪᠬᠤᠳᠠᠰᠢ ᠦᠭᠡᠶ ᠦᠪᠡᠷᠮᠢᠴᠠ ᠣᠠᠴᠠᠯᠢᠭ ᠲᠡᠶ᠃ ᠥᠭᠡᠷ᠎ᠡ ᠪᠣᠰᠤᠳ ᠭᠠᠵᠠᠷ ᠣᠷᠤᠨ ᠤ ᠰᠤᠷᠭᠠᠭᠤᠯᠢ ᠨᠤᠭᠤᠳ ᠰᠤᠷᠴᠤ ᠰᠤᠪᠢᠵᠤ ᠪᠣᠯᠤᠮᠠᠷ ᠭᠢᠨᠠᠯᠳᠠ ᠯᠠᠪᠯᠠᠯᠳᠠ ᠪᠣᠯᠭᠠᠵᠤ ᠪᠣᠯᠤᠮᠠᠷ ᠵᠣᠢ᠌ᠯᠠᠰ ᠵᠤᠵᠭᠠᠨ ᠪᠠᠢ᠌ᠭ᠎ᠠ ᠣᠠᠴᠠᠯᠢᠭᠳᠤ ᠰᠤᠷᠭᠠᠭᠤᠯᠢ ᠨᠤᠭᠤᠳ ᠪᠠᠢ᠌ᠭ᠎ᠠ ︕
ᠮᠠᠨ ᠤ ᠮᠤᠩᠭ᠋ᠤᠯ ᠰᠤᠷᠭᠠᠭᠤᠯᠢ ᠪᠦᠭᠦᠨ ᠡᠢ᠌ᠮᠦᠷᠭᠦ ᠰᠤᠷᠭᠠᠭᠤᠯᠢ᠂ ᠡᠢ᠌ᠮᠦᠷᠭᠦ ᠦᠪᠡᠷᠮᠢᠴᠠ ᠣᠠᠴᠠᠯᠢᠭ ᠲᠡᠶ᠂ ᠦᠪᠷᠮᠢᠴᠠ ᠴᠤᠭᠴᠠᠯᠠᠪᠣᠷᠢ ᠪᠦᠳᠦᠮᠵᠢᠳᠡᠢ ᠰᠤᠷᠭᠠᠭᠤᠯᠢ ᠨᠤᠭᠤᠳ ᠪᠣᠯᠤᠭᠠᠰᠠᠢ ᠭᠡᠵᠤ ᠭᠦᠰᠡᠡᠨᠡᠮ᠂ ᠪᠢ ︕ ᠵᠦᠩᠨᠠᠨᠠᠮ᠂ ᠪᠢ ︕ ᠁
ᠮᠠᠨ ᠤ ᠰᠤᠷᠭᠠᠭᠤᠯᠢ ᠳᠤ ᠠᠪᠴᠤ ᠭᠡᠯᠡᠪᠠᠯ᠂ ᠣᠯᠠᠭᠠᠠᠬᠠᠳᠠ ᠶᠢᠨ ᠮᠤᠩᠭ᠋ᠤᠯ ᠰᠤᠷᠭᠠᠭᠤᠯᠢ ᠨᠤᠭᠤᠳ ᠡᠴᠡ ᠰᠤᠷᠬᠤ ᠵᠣᠢ᠌ᠯᠠᠰ ᠣᠯᠠᠨ ᠪᠠᠢ᠌ᠨ᠎ᠠ᠃ ᠪᠣᠳᠠᠳᠠᠢ ᠰᠢᠭ ᠶᠠᠷᠢᠪᠠᠯ᠄ 1. ᠪᠠᠭᠰᠢ ᠨᠡᠷ ᠤᠨ ᠢᠳᠠᠪᠭᠢᠵᠢᠯ ᠢ ᠪᠦᠷᠢᠨ ᠳᠠᠢ᠌ᠴᠢᠯᠠᠵᠤ᠂ ᠪᠠᠭᠰᠢ ᠨᠡᠷ ᠢ ᠰᠤᠷᠭᠠᠭᠤᠯᠢ ᠶᠢᠨ ᠠᠯᠢᠪᠠ ᠠᠵᠢᠯᠯᠠᠭ᠎ᠠ ᠭᠦᠳᠡᠯᠭᠡᠭᠡᠨ ᠳᠤ ᠢᠳᠠᠪᠭᠢᠳᠠᠢ ᠣᠷᠤᠯᠴᠠᠭᠤᠯᠬᠤ ᠵᠠᠷᠢᠮ ᠥᠭᠡ ᠭᠡᠯᠡ᠂ ᠥᠰᠦᠭ᠌ ᠪᠢᠴᠢᠭ᠌᠂ ᠦᠨᠳᠦᠰᠦᠳᠠᠨ ᠤ ᠰᠤᠶᠤᠯ᠂ ᠵᠠᠩ ᠳᠠᠳᠬᠠᠯ ᠤᠨ ᠬᠠᠮᠢᠶ᠎ᠠ ᠲᠡᠶ ᠶᠠᠭᠤᠮᠠᠰ ᠢ ᠪᠠᠭᠰᠢ ᠨᠡᠷ ᠲᠤ ᠳᠠᠭᠠᠭᠠᠯᠭᠠᠵᠤ ᠥᠭ᠍ᠴᠤ ᠪᠠᠭᠰᠢ ᠨᠡᠷ ᠶᠢᠡᠷ ᠭᠢᠯᠭᠡᠨ ᠭᠦᠢᠴᠡᠳᠭᠡᠯᠭᠡᠭᠦ᠃ 2. ᠮᠤᠩᠭ᠋ᠤᠯ ᠭᠡᠯᠡ ᠰᠤᠷᠬᠤ ᠣᠷᠴᠢᠨ ᠢ ᠪᠦᠷᠢᠳᠦᠭᠦᠯᠭᠦ ᠰᠤᠷᠭᠠᠭᠤᠯᠢ ᠶᠢᠨ ᠠᠯᠢᠪᠠ ᠭᠦᠳᠡᠯᠭᠡᠭᠡᠨ᠂ ᠠᠵᠢᠯᠯᠠᠭ᠎ᠠ᠂ ᠬᠤᠷᠠᠯ ᠴᠤᠭᠯᠠᠭᠠᠨ᠂ ᠣᠷᠤᠯᠳᠤᠭᠠᠨ ᠮᠦᠷᠥᠢᠴᠡᠭᠡᠨ ᠢ ᠮᠤᠩᠭ᠋ᠤᠯ ᠶᠢᠡᠷ ᠢᠯᠡᠭᠦᠤ ᠡᠷᠭᠢᠯᠡᠵᠤ᠂ ᠠᠯᠢᠪᠠ ᠭᠦᠳᠡᠯᠭᠡᠭᠡᠨ ᠳᠠᠯᠠᠪᠣᠷ ᠲᠤ ᠮᠤᠩᠭ᠋ᠤᠯ ᠶᠢᠡᠷ ᠢᠡᠯᠭᠦᠤ ᠭᠡᠯᠡᠵᠤ ᠶᠠᠷᠢᠵᠤ᠂ ᠠᠯᠢᠪᠠ ᠪᠢᠴᠢᠭ᠌ ᠮᠠᠲ᠋ᠧᠷᠢᠶᠠᠯ᠂ ᠳᠦᠷᠢᠮ ᠳᠤᠭᠳᠠᠭᠠᠯ᠂ ᠮᠡᠳᠡᠭ᠍ᠳᠡᠯ ᠨᠠᠢ᠌ᠳᠠᠯᠠᠯ ᠳᠡᠷᠢᠭᠦᠳᠡᠨ ᠢ ᠮᠤᠩᠭ᠋ᠤᠯ ᠶᠢᠡᠷ ᠪᠢᠴᠢᠵᠤ ᠵᠤᠬᠢᠶᠠᠵᠤ ᠳᠠᠷᠬᠠᠭᠠᠬᠤ᠃ 3. ᠪᠠᠭᠰᠢ ᠨᠡᠷ ᠲᠤ ᠦᠨᠳᠦᠰᠦᠳᠠᠨ ᠶᠢᠡᠨ ᠬᠠᠢ᠌ᠷᠠᠯᠠᠬᠤ᠂ ᠥᠭᠡ ᠭᠡᠯᠡ ᠥᠰᠦᠭ᠌ ᠪᠢᠴᠢᠭ᠌ ᠶᠢᠡᠨ ᠬᠠᠢ᠌ᠷᠠᠯᠠᠬᠤ᠂ ᠦᠨᠳᠦᠰᠦᠳᠠᠨ ᠤ ᠰᠤᠶᠤᠯ᠂ ᠵᠠᠩ ᠳᠠᠳᠬᠠᠯ ᠶᠢᠡᠨ ᠡᠷᠭᠢᠮᠯᠡᠭᠦ ᠵᠡᠷᠭᠡ ᠭᠦᠮᠦᠵᠢᠯ ᠢ ᠢᠯᠡᠭᠦᠤ ᠭᠢᠭᠦ᠃ 4.ᠰᠤᠷᠭᠠᠭᠤᠯᠢ ᠶᠢᠨ ᠭᠦᠷᠢᠶ᠎ᠡ᠂ ᠳᠤᠳᠤᠭᠤᠷ ᠪᠠᠢ᠌ᠷᠢ᠂ ᠪᠠᠭᠰᠢ ᠠᠵᠢᠯᠳᠠᠨ ᠤ ᠠᠯᠪᠠᠨ ᠭᠡᠷ᠂ ᠠᠩᠭᠢ ᠶᠢᠨ ᠭᠡᠷ᠂ ᠭᠤᠳᠤᠮᠵᠢ᠂ ᠠᠰᠠᠷ ᠤᠨ ᠱᠠᠳᠤ᠂ ᠡᠯ᠎ᠡ ᠭᠦᠳᠡᠯᠭᠡᠭᠡᠨ ᠤ ᠳᠠᠯᠠᠪᠣᠷ ᠦᠷᠦᠭᠡ ᠵᠢᠴᠢ ᠰᠤᠷᠭᠠᠭᠤᠯᠢ ᠶᠢᠨ ᠠᠯᠢᠪᠠ ᠥᠡᠴᠦᠭ᠌ ᠪᠣᠯᠤᠩ ᠳᠤ ᠴᠦᠮ ᠦᠨᠳᠦᠰᠦᠳᠠᠨ ᠤ ᠣᠠᠴᠠᠯᠢᠭ ᠪᠦᠭᠦᠢ ᠥᠭᠡ ᠶᠠᠷᠢᠶ᠎ᠠ᠂ ᠥᠰᠦᠭ᠌ ᠪᠢᠴᠢᠭ᠌᠂ ᠣᠷᠢᠶ᠎ᠠ ᠳᠤᠷᠠᠳᠤᠯᠭ᠎ᠠ᠂ ᠵᠢᠷᠤᠭ ᠣᠷᠠᠯᠠᠯ᠂ ᠵᠠᠰᠠᠯ ᠴᠢᠮᠡᠭᠯᠡᠯ᠂ ᠭᠡ ᠣᠭᠠᠯᠵᠠ ᠵᠡᠷᠭᠡ ᠶᠢ ᠳᠤᠭᠢᠷᠠᠭᠤᠯᠬᠤ ᠰᠤᠷᠭᠠᠭᠤᠯᠢ ᠪᠠᠨ ᠦᠨᠳᠦᠰᠦᠳᠠᠨ ᠤ ᠣᠠᠴᠠᠯᠢᠭ ᠳᠤᠪᠣᠢ᠌ᠮ᠎ᠠ᠂ ᠦᠨᠳᠦᠰᠦᠳᠠᠨ ᠤ ᠰᠤᠶᠤᠯ ᠤᠨ ᠠᠭᠤᠷ ᠠᠮᠢᠰᠬᠤᠯ ᠪᠢᠯᠬᠠᠮ᠎ᠠ ᠰᠤᠷᠭᠠᠭᠤᠯᠢ ᠪᠣᠯᠭᠠᠨ ᠡᠷᠭᠢᠯᠡᠭᠦ᠃ 5.ᠮᠤᠩᠭ᠋ᠤᠯ ᠥᠭᠡ ᠭᠡᠯᠡ ᠥᠰᠦᠭ᠌ ᠪᠢᠴᠢᠭ᠌ ᠢ ᠭᠡᠷᠡᠭᠯᠡᠵᠤ ᠵᠠᠷᠤᠬᠤ ᠠᠵᠢᠯ ᠢ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠭᠡᠳᠤᠨ ᠪᠠᠭᠰᠢ ᠨᠡᠷ ᠤᠨ ᠯᠠ ᠠᠵᠢᠯ ᠪᠢᠰᠢ᠂ ᠪᠦᠭᠦᠳᠡ ᠪᠠᠭᠰᠢ ᠠᠵᠢᠯᠳᠠᠨ ᠤ ᠠᠵᠢᠯ᠂ ᠪᠦᠭᠦᠳᠡ ᠪᠠᠭᠰᠢ ᠠᠵᠢᠯᠳᠠᠨ ᠤ ᠣᠮᠤᠭᠰᠢᠯ ᠪᠠᠬᠠᠷᠬᠠᠯ᠂ ᠢᠷᠠᠭᠤ ᠠᠯᠳᠠᠷ ᠪᠣᠯᠭᠠᠬᠤ᠁ ᠡᠳᠡᠭᠡᠷ ᠪᠣᠯ ᠪᠢᠳᠠᠨ ᠤ ᠭᠢᠪᠠᠰᠤ ᠵᠤᠭᠢᠬᠤ ᠵᠣᠢ᠌ᠯᠠᠰ᠃ ᠪᠢᠳᠠᠨ ᠤ ᠭᠢᠭᠦ ᠶᠢ ᠭᠦᠯᠢᠶᠡᠵᠤ ᠪᠠᠢ᠌ᠭ᠎ᠠ ᠵᠣᠢ᠌ᠯᠠᠰ᠃ ᠪᠢᠳᠠ ᠢᠩᠭᠢᠵᠤ ᠭᠢᠭᠦ ᠴᠢᠬᠤᠯᠠᠳᠠᠢ᠃ ᠪᠢᠳᠠ ᠢᠩᠭᠢᠵᠤ ᠭᠢᠪᠠᠯ ᠰᠠᠶᠢ ᠰᠤᠷᠭᠠᠭᠤᠯᠢ ᠪᠠᠨ ᠦᠪᠡᠷᠮᠢᠴᠠ ᠣᠠᠴᠠᠯᠢᠭ ᠲᠡᠶ᠂ ᠦᠪᠡᠷ ᠤᠨ ᠭᠡᠰᠡᠨ ᠵᠣᠢ᠌ᠯᠠᠰ ᠲᠡᠶ ᠦᠨᠳᠦᠰᠦᠳᠠᠨ ᠤ ᠰᠤᠷᠭᠠᠭᠤᠯᠢ ᠪᠣᠯᠭᠠᠨ ᠡᠷᠭᠢᠯᠡᠵᠤ ᠴᠢᠳᠠᠨ᠎ᠠ ︕ ᠥᠭᠡᠷ᠎ᠡ ᠵᠠᠮ᠂ ᠰᠤᠩᠭ᠋ᠤᠯᠳᠠ ᠭᠡᠵᠤ ᠪᠢᠳᠠᠨ ᠳᠤ ᠦᠭᠡᠶ᠃ ᠡᠨᠡ ᠯᠠ ᠵᠠᠮ᠂ ᠰᠤᠩᠭ᠋ᠤᠯᠳᠠ ᠵᠦᠪ ᠵᠠᠮ᠂ ᠵᠦᠪ ᠰᠤᠩᠭ᠋ᠤᠯᠳᠠ ︕
ᠣᠯᠭᠠᠠᠬᠠᠳᠠ ᠊᠊᠊᠊᠊᠊᠊᠊᠊᠊᠊᠊᠊᠊᠊ ᠰᠠᠢ᠌ᠬᠠᠨ ᠭᠠᠵᠠᠷ ︕ ᠣᠯᠠᠭᠠᠠᠬᠠᠳᠠ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠰᠠᠢ᠌ᠬᠠᠨ ︕ ᠣᠢ᠌ᠯᠠᠰ ᠳᠡᠷᠭᠡᠯ᠂ ᠵᠣᠢ᠌ᠯᠠᠰ ᠪᠦᠷᠢᠨ᠂ ᠠᠯᠤᠰ ᠢᠷᠡᠭᠡᠳᠦᠢ ᠲᠡᠶ᠂ ᠠᠮᠵᠢᠯᠳᠠ ᠪᠦᠳᠦᠮᠵᠢᠳᠡᠢ ᠰᠤᠷᠭᠠᠭᠤᠯᠢ ᠨᠤᠭᠤᠳ ︕ ᠮᠥᠩᠭᠡ ᠣᠷᠤᠰᠢᠬᠤ ᠰᠤᠶᠤᠯ ᠲᠡᠶ᠂ ᠮᠦᠷᠦᠭᠡᠳᠦᠭᠦᠯᠡᠵᠤ ᠳᠤᠷᠠᠰᠤᠭᠤᠯᠬᠤ ᠣᠢ᠌ᠯᠠᠰ ᠲᠡᠶ ᠰᠤᠷᠭᠠᠭᠤᠯᠢ ᠨᠤᠭᠤᠳ ︕ ᠁ ᠪᠢᠳᠠ ᠪᠠᠰᠠ ᠰᠤᠷᠭᠠᠭᠤᠯᠢ ᠪᠠᠨ ᠢᠩᠭᠢᠵᠤ ᠡᠷᠭᠢᠯᠡᠵᠡᠭᠡᠶᠡ ︕ ᠮᠥᠩᠭᠡ ᠣᠷᠤᠰᠢᠬᠤ ᠰᠤᠶᠤᠯ ᠲᠡᠶ᠂ ᠮᠦᠷᠦᠭᠡᠳᠦᠭᠦᠯᠡᠵᠤ ᠳᠤᠷᠠᠰᠤᠭᠤᠯᠬᠤ ᠣᠢ᠌ᠯᠠᠰ ᠲᠡᠶ ᠰᠤᠷᠭᠠᠭᠤᠯᠢ ᠪᠣᠯᠭᠠᠨ ᠡᠷᠭᠢᠯᠡᠶᠡ ︕
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 12415
ᠴᠠᠭ᠄ 2011 ᠤᠨ ᠤ 07 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ