ᠨᠡᠪᠲᠡᠷᠡᠨ ᠤᠷᠤᠬᠤ
ᠮᠥᠷᠭᠦᠯ ᠰᠢᠯᠦᠭ᠌

ᠪᠣᠷᠬᠠᠨ ᠮᠢᠨᠢ ᠨᠠᠳᠠ ᠳᠤ ᠬᠤᠭᠤᠯᠠᠢ ᠬᠠᠢ᠌ᠷᠠᠯᠠ

ᠪᠣᠶᠠᠨ ᠨᠢᠭᠦᠯ ᠬᠤᠶᠠᠷ ᠢ ᠠᠷᠭᠠᠳᠠᠩᠬᠠᠨ ᠳᠠᠭᠤᠯᠠᠶ᠎ᠠ

ᠭᠤᠨᠢᠭ ᠭᠡᠵᠤ ᠶᠠᠭᠤ ᠪᠠᠢ᠌ᠳᠠᠭ ᠢ ᠣᠬᠠᠭᠠᠷᠠᠳᠠᠭ ᠦᠭᠡᠶ ᠭᠦᠮᠤᠨ

ᠵᠢᠷᠭᠠᠵᠤ ᠶᠠᠪᠣᠭ᠎ᠠ ᠪᠠᠨ ᠮᠡᠳᠡᠳᠡᠭ᠌ ᠥᠭᠡᠢ

ᠭᠤᠨᠢᠬᠤ ᠶᠢᠨ ᠵᠢᠷᠭᠠᠯ ᠪᠠᠢ᠌ᠳᠠᠭ ᠭᠡᠳᠡᠭ᠌ ᠲᠤ ᠢᠳᠡᠭᠡᠳᠡᠭ᠌ ᠥᠭᠡᠢ

ᠨᠢᠭᠤᠴᠠᠭᠠᠢ ᠠᠮᠢᠳᠤᠷᠠᠯ ᠡᠴᠡ ᠳᠠᠳᠠ ᠭᠡᠵᠢᠶ᠎ᠡ ᠴᠤ ᠣᠢ᠌ᠤᠠᠳᠠᠭ ᠥᠭᠡᠢ

ᠨᠢᠯᠪᠣᠰᠤᠨ ᠳᠤ ᠳᠠᠷᠠᠰᠤ ᠠᠳᠠᠯᠢ ᠳᠤᠷᠠᠳᠠᠢ ᠪᠠᠢ᠌ᠳᠠᠭ

ᠴᠢ ᠪᠢᠳᠠᠨ ᠳᠤ ᠪᠠᠢ᠌ᠬᠤ ᠦᠭᠡᠶ ᠪᠦᠭᠦᠨ ᠳᠠᠳᠠᠨ ᠳᠤ ᠢᠯᠡᠭᠦᠳᠡᠵᠤ ᠪᠠᠢ᠌ᠳᠠᠭ

ᠴᠢᠮᠭᠢ ᠶᠢ ᠴᠤ ᠭᠡᠰᠡᠨ ᠭᠤᠶᠤᠬᠤ ᠭᠦᠰᠡᠯ ᠨᠠᠳᠠ ᠳᠤ ᠳᠦᠷᠦᠳᠡᠭ᠌ ᠥᠭᠡᠢ

ᠦᠢ᠌ ᠣᠯᠠᠨ ᠭᠦᠮᠦᠰ ᠤᠨ ᠳᠤᠮᠳᠠ ᠳᠡᠨᠦᠭᠦᠴᠢᠯᠡᠵᠤ ᠶᠠᠪᠣᠬᠤ ᠳ᠋ᠤ

ᠥᠯᠢᠭᠡᠷ ᠲᠤ ᠢᠳᠡᠭᠡᠵᠤ ᠥᠰᠦᠭ᠍ᠰᠡᠨ ᠪᠠᠭ᠎ᠠ ᠨᠠᠰᠤ ᠮᠢᠨᠢ

ᠥᠯᠢᠭᠡᠷ ᠪᠠᠢ᠌ᠭᠰᠠᠨ ᠰᠢᠭ ᠨᠠᠳᠠ ᠳᠤ ᠰᠠᠨᠠᠭᠳᠠᠳᠠᠭ

ᠨᠥᠭᠦᠭᠡᠰᠤ ᠦᠭᠡᠶ ᠰᠡᠳᠭᠢᠯ ᠳᠦᠯᠦᠭᠡᠰᠤ ᠦᠭᠡᠶ ᠵᠢᠷᠭᠠᠯ ᠤᠨ ᠳᠤᠬᠠᠢ

ᠨᠥᠮᠦᠭᠡᠨ ᠮᠤᠳᠤᠨ ᠤ ᠮᠦᠴᠢᠷ ᠳᠤᠤᠷ᠎ᠠ ᠰᠠᠭᠤᠵᠤ ᠭᠡᠴᠢᠨᠡᠨ ᠴᠤ ᠶᠠᠷᠢᠯ᠎ᠠ ᠳ᠋ᠠ

ᠣᠯᠬᠤ ᠯᠠ ᠶᠤᠮ ᠰᠢᠭ ᠡᠷᠢᠵᠤ ᠶᠠᠪᠣᠭᠰᠠᠨ ᠣᠯᠠᠨ ᠡᠳᠦᠷ ᠤᠳ ᠳᠤ

ᠣᠨᠤᠵᠤ ᠦᠦ ᠭᠡᠪᠠᠯ ᠦᠭᠡᠶ᠂ ᠳᠠᠷᠠ ᠴᠢᠨᠢ ᠬᠠᠮᠢᠭ᠎ᠠ ᠴᠤ ᠠᠯᠠᠭ᠎ᠠ

ᠳᠤᠭᠤᠯᠵᠤ ᠥᠩᠭᠡᠷᠡᠭᠦᠯᠦᠭ᠍ᠰᠡᠨ ᠣᠨ ᠵᠢᠯ ᠤᠳ ᠤᠨ ᠱᠤᠤᠭᠢᠶᠠᠨ ᠪᠦᠳᠡᠭᠢᠷᠡᠵᠤ

ᠳᠤᠭᠤᠯᠵᠤ ᠢᠷᠡᠭ᠍ᠰᠡᠨ ᠢ ᠳᠠᠪᠠᠭᠠᠤᠨ ᠴᠠᠭᠠᠨ᠎ᠠ ᠨᠢ ᠪᠦᠳᠦᠷᠢᠭ᠍ᠰᠡᠭᠡᠷ

ᠲᠤᠩ ᠴᠢᠭ ᠭᠡᠨᠡᠨ ᠰᠡᠳᠭᠢᠯ ᠳᠡᠭᠡᠨ ᠭᠡᠴᠢᠨᠡᠨ ᠴᠤ ᠣᠳᠠᠭ᠎ᠠ ᠣᠭᠢᠯᠠᠪᠠ ᠳ᠋ᠠ

ᠬᠠᠨ ᠶ‍ᠢᠷᠳᠢᠠᠴᠤ ᠶᠢ ᠮᠡᠭ᠍ᠰᠢᠭᠦᠯᠦᠭ᠍ᠰᠡᠨ ᠭᠡᠨᠡᠨ ᠨᠠᠰᠤᠨ ᠤ ᠪᠠᠨ ᠣᠬᠠᠭᠠᠷᠠᠯ ᠡᠴᠡ

ᠬᠠᠷᠪᠣᠭᠰᠠᠨ ᠣᠳᠤ ᠰᠢᠭ ᠯᠠ ᠵᠤᠯᠠᠷᠠᠬᠤ ᠶᠢᠨ ᠭᠦᠰᠡᠯᠡᠩ ᠳᠤ ᠣᠷᠢᠶᠠᠯᠳᠤᠭᠰᠠᠭᠠᠷ

ᠪᠣᠳᠠᠩ ᠬᠠᠪᠠᠭᠰᠠᠨ ᠣᠷᠴᠢᠯᠠᠩ ᠢ ᠦᠪᠡᠷ ᠤᠨ ᠭᠢ ᠪᠠᠷ ᠶᠢᠡᠨ ᠳᠠᠭᠤᠯᠠᠵᠤ ᠶᠠᠪᠣᠬᠤ ᠳ᠋ᠤ

ᠪᠣᠷᠳᠠᠭᠯᠠᠭᠳᠠᠭ᠎ᠠ ᠦᠭᠡᠶ ᠢᠳᠡᠭᠡᠯ ᠭᠡᠵᠤ ᠪᠠᠢ᠌ᠭᠰᠠᠨ ᠦᠭᠡᠶ ᠡ

ᠦᠭ‍ᠭᠦᠭᠡ ᠠᠪᠣᠭᠠᠨ ᠤ ᠳᠠᠩᠰᠠᠨ ᠳᠡᠭᠡᠷ᠎ᠡ ᠴᠢᠨᠢ ᠵᠠᠯᠠᠭᠤ ᠨᠠᠰᠤ ᠪᠠᠨ ᠳᠠᠯᠪᠢᠶ᠎ᠠ

ᠦᠨᠢ ᠶᠢᠨ ᠭᠤᠨᠢᠭᠳᠤ ᠵᠡᠭᠦᠳᠤᠨ ᠡᠴᠡ ᠨᠠᠮᠢ᠋ᠢ ᠰᠡᠷᠢᠭᠡᠵᠤ ᠬᠠᠢ᠌ᠷᠠᠯᠠ


(ᠣᠷᠠᠨ ᠵᠤᠬᠢᠶᠠᠯ ᠤᠨ ᠰᠦᠯᠵᠢᠶᠠᠨ ᠡᠴᠡ ᠱᠥᠭᠦᠪᠡ)

ᠵᠤᠬᠢᠶᠠᠭᠴᠢ᠄ ᠢᠴᠢᠠᠬᠤᠷᠯᠤ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2748
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ