☆ ᠪᠠ᠊·ᠷᠢᠠᠴᠢᠨ
ᠳᠤᠮᠤᠭᠳᠤ ᠬᠤᠰᠢᠭᠤ
ᠳᠦᠷᠪᠠᠨ ᠬᠡᠦᠬᠡᠳ ᠤᠨ ᠬᠤᠰᠢᠭᠤ
ᠳᠦᠷᠤ ᠶᠢᠨ ᠠᠯᠳᠠᠨ ᠳᠠᠮᠠᠭ᠎ᠠ ᠳᠠᠢ
ᠳᠡᠦᠭᠡᠨ ᠳᠤ ᠣᠩᠭ᠋ᠤᠯᠠᠭᠳᠠᠬᠤ
ᠲᠦᠮᠡᠨ ᠳᠤ ᠳᠠᠨᠢᠭᠳᠠᠬᠤ
ᠬᠠᠭᠠᠨ ᠡᠵᠡᠨ ᠤ ᠵᠠᠷᠯᠢᠭ ᠳᠠᠢ
ᠳᠤᠯᠤᠭᠠᠨ ᠰᠡᠷᠪᠠᠭᠡ ᠶᠢᠨ ᠳᠤᠮᠤᠭ ᠳᠠᠢ
ᠬᠠᠳᠠᠨ ᠵᠢᠷᠤᠭ ᠤᠨ ᠦᠯᠢᠭᠡᠷ ᠳᠠᠢ
ᠳᠤᠤᠯᠢᠶᠠᠨ ᠰᠤᠯᠤᠩᠭ᠎ᠠ ᠨᠤᠳᠤᠭ᠃
ᠠᠭᠤᠯᠠ ᠨᠢ ᠰᠦᠷᠯᠢᠭ᠌
ᠣᠰᠤ ᠨᠢ ᠳᠤᠩᠭ᠋ᠠᠯᠠᠭ
ᠳᠠᠯ᠎ᠠ ᠨᠢ ᠮᠠᠩᠨᠤᠭ
ᠳᠠᠷᠢᠶ᠎ᠠ ᠨᠢ ᠰᠠᠬᠤᠯᠢᠭ
ᠮᠠᠯ ᠨᠢ ᠳᠠᠩᠰᠤᠭ
ᠮᠠᠯᠴᠢᠨ ᠨᠢ ᠪᠠᠶᠠᠯᠢᠭ
ᠰᠤᠶᠤᠯ ᠨᠢ ᠦᠷᠨᠢᠭᠦᠨ
ᠰᠤᠷᠳᠠᠯ ᠨᠢ ᠪᠣᠯᠪᠠᠰᠤᠨ
ᠳᠤᠯᠤᠭᠠᠨ ᠰᠡᠷᠪᠠᠭᠡ ᠶᠢᠨ ᠳᠦᠰᠢᠯᠭᠡ ᠳᠠᠢ
ᠳᠤᠯᠤᠭᠠᠨ ᠳᠢᠪ ᠤᠨ ᠴᠤᠤᠳᠤ ᠬᠤᠰᠢᠭᠤ᠃
ᠵᠤᠬᠢᠶᠠᠭᠴᠢ ᠶᠢᠨ ᠬᠠᠶᠢᠭ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 07 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ