ᠨᠡᠪᠲᠡᠷᠡᠨ ᠤᠷᠤᠬᠤ
ᠪᠢ ᠬᠤᠯᠠ ᠡᠴᠡ ᠢᠷᠡᠭ᠍ᠰᠡᠨ ᠭᠦᠮᠤᠨ

ᠠᠷᠪᠠᠨ ᠭᠤᠷᠪᠠᠳᠤᠭᠠᠷ ᠵᠠᠭᠤᠨ ᠤ

ᠠᠭᠳᠠ ᠶᠢᠨ ᠳᠦᠷᠪᠠᠭᠡᠨ ᠡᠴᠡ ᠢᠷᠠᠯ᠎ᠠ

ᠠᠽᠢᠶ᠎ᠠ ᠶᠢᠨ ᠦᠷᠦᠴᠠᠨ ᠳᠡᠭᠡᠷᠡᠭᠢ

ᠨᠢᠭᠡ ᠮᠤᠩᠭ᠋ᠤᠯ ᠠᠢ᠌ᠯ ᠡᠴᠡ ᠢᠷᠠᠯ᠎ᠠ

ᠠᠴᠢᠳᠠᠢ ᠭᠡᠵᠤ ᠡᠵᠢ ᠳᠡᠭᠡᠨ ᠮᠥᠷᠭᠦᠭᠡᠤᠨ ᠢᠷᠠᠯ᠎ᠠ

ᠡᠭᠡ ᠭᠡᠯᠡ ᠪᠠᠨ ᠭᠡᠵᠤ ᠡᠨᠡ ᠬᠤᠯᠠ ᠶᠢ ᠳᠤᠭᠤᠯᠵᠤ ᠢᠷᠠᠯ᠎ᠠ

ᠭᠦᠭᠡ ᠰᠤᠳᠤᠷ ᠤᠨ ᠬᠠᠭᠤᠳᠠᠰᠤᠨ ᠳᠤᠮᠳᠠ ᠡᠴᠡ ᠢᠷᠠᠯ᠎ᠠ

ᠭᠦᠭᠡ ᠮᠤᠩᠭ᠋ᠤᠯ ᠤᠨ ᠬᠠᠷ᠎ᠠ ᠰᠦᠯᠳᠡ ᠡᠴᠡ ᠢᠷᠠᠯ᠎ᠠ

ᠭᠦᠭᠡ ᠳᠡᠭ᠍ᠷᠢ ᠶᠢᠨ ᠰᠢᠷ᠎ᠠ ᠨᠠᠷᠠᠨ ᠡᠴᠡ ᠢᠷᠠᠯ᠎ᠠ

ᠭᠦᠭᠡᠷᠦᠭᠦᠢ ᠳᠠᠷᠠ ᠳᠡᠷᠭᠡᠯ ᠰᠠᠷᠠ ᠡᠴᠡ ᠢᠷᠠᠯ᠎ᠠ

ᠮᠤᠩᠭ᠋ᠤᠯ ᠭᠡᠳᠡᠭ᠌ ᠥᠭᠡᠨ ᠤ ᠬᠤᠶᠠᠷ ᠳᠤᠰᠤᠯ ᠡᠴᠡ ᠨᠢ ᠢᠷᠠᠯ᠎ᠠ

ᠮᠤᠩᠭ᠋ᠤᠯ ᠮᠢᠨᠢ ᠮᠥᠭᠦᠰᠢ ᠦᠭᠡᠶ ᠮᠥᠩᠭᠡ ᠶᠢᠨ ᠭᠡᠵᠤ ᠢᠷᠠᠯ᠎ᠠ

ᠮᠥᠩᠭᠡ ᠭᠠᠯ ᠤᠨ ᠣᠯᠠᠭᠠᠨ ᠲᠦᠯᠦ ᠶᠢ ᠳᠦᠷᠡᠯᠵᠡᠭᠦᠯᠦᠶ᠎ᠡ ᠭᠡᠮᠡᠨ ᠢᠷᠠᠯ᠎ᠠ

ᠮᠥᠩᠭᠡ ᠶᠢᠨ ᠣᠯᠠᠨ ᠮᠤᠩᠭ᠋ᠤᠯᠴᠤᠳ ᠲᠡᠶ ᠪᠠᠨ ᠠᠭᠤᠯᠵᠠᠶ᠎ᠠ ᠭᠡᠮᠡᠨ ᠢᠷᠠᠯ᠎ᠠ

ᠪᠢ ᠬᠤᠯᠠ ᠡᠴᠡ ᠢᠷᠡᠭ᠍ᠰᠡᠨ ᠭᠦᠮᠤᠨ

ᠭᠠᠷ ᠬᠠᠳᠠᠭᠤ ᠭᠦᠮᠦᠰ ᠲᠡᠶ ᠨᠢ ᠪᠢ ᠪᠠᠷᠢᠯᠳᠤᠶ᠎ᠠ ᠭᠡᠮᠡᠨ ᠢᠷᠠᠯ᠎ᠠ

ᠭᠠᠵᠠᠷ ᠨᠢ ᠬᠠᠳᠠᠭᠤ ᠰᠢᠷᠤᠢ ᠳᠡᠭᠡᠷ᠎ᠡ ᠪᠢ ᠰᠥᠭᠦᠳᠦᠶ᠎ᠡ ᠭᠡᠮᠡᠨ ᠢᠷᠠᠯ᠎ᠠ

ᠭᠠᠰ ᠤᠨ ᠴᠠᠭᠠᠨ ᠳᠠᠷᠠᠰᠤᠨ ᠳ᠋ᠤᠨᠢ ᠪᠢ ᠨᠠᠢ᠌ᠭᠤᠶ᠎ᠠ ᠭᠡᠮᠡᠨ ᠢᠷᠠᠯ᠎ᠠ

ᠭᠠᠳᠤᠰ ᠵᠤᠷᠢᠭᠰᠠᠨ ᠯᠤᠪᠰᠠᠩᠳᠠᠠᠵᠢᠨ ᠶᠢᠡᠨ ᠪᠢ ᠳᠠᠭᠤᠯᠠᠶ᠎ᠠ ᠭᠡᠮᠡᠨ ᠢᠷᠠᠯ᠎ᠠ

ᠬᠠᠮᠢᠭ᠎ᠠ ᠴᠤ ᠮᠤᠩᠭ᠋ᠤᠯ ᠶᠢᠡᠷ ᠶᠢᠡᠨ ᠪᠠᠢ᠌ᠳᠠᠭ ᠠᠢ᠌ᠯ ᠤᠨ ᠡᠵᠢ ᠶᠢᠨ

ᠭᠡᠰᠢᠭ᠌ ᠳᠤᠨᠢ ᠭᠦᠷᠳᠡᠶ᠎ᠡ ᠭᠡᠮᠡᠨ ᠢᠷᠠᠯ᠎ᠠ

ᠬᠠᠯᠠᠰᠢᠷᠠᠯ ᠦᠭᠡᠶ ᠳᠠᠭᠢᠨ ᠳᠠᠭᠢᠨ ᠳᠤᠷᠠᠯᠠᠭᠤᠯᠵᠤ

ᠬᠠᠢ᠌ᠷ᠎ᠠ ᠳᠠᠭᠠᠭᠠᠬᠤ ᠭᠡᠦᠭᠡᠨ ᠢ ᠨᠢ ᠪᠢ ᠬᠠᠢ᠌ᠷᠠᠯᠠᠶ᠎ᠠ ᠭᠡᠮᠡᠨ ᠢᠷᠠᠯ᠎ᠠ

ᠥᠭᠡ ᠬᠠᠳᠠᠭᠤ ᠭᠦᠮᠦᠰ ᠲᠡᠶ ᠨᠢ ᠪᠢ ᠭᠡᠯᠡᠯᠴᠡᠶ᠎ᠡ ᠭᠡᠮᠡᠨ ᠢᠷᠠᠯ᠎ᠠ

ᠣᠷᠠᠨ ᠰᠢᠯᠦᠭ᠌ ᠤᠨ ᠣᠪᠠᠳᠢᠰ ᠲᠤ ᠪᠢ ᠰᠤᠭᠳᠤᠭᠤᠷᠠᠶ᠎ᠠ ᠭᠡᠮᠡᠨ ᠢᠷᠠᠯ᠎ᠠ

ᠦᠨᠡᠠᠴᠢ ᠵᠢᠷᠦᠭᠡᠳᠡᠨ ᠲᠡᠶ ᠨᠢ ᠨᠠᠢ᠌ᠵᠢᠯᠠᠶ᠎ᠠ ᠭᠡᠮᠡᠨ ᠢᠷᠠᠯ᠎ᠠ

ᠦᠶ᠎ᠡ ᠶᠢᠨ ᠣᠯᠠᠨ ᠭᠦᠮᠦᠰ ᠲᠡᠶ ᠪᠠᠨ ᠪᠢ ᠨᠠᠭᠠᠳᠤᠶ᠎ᠠ ᠭᠡᠮᠡᠨ ᠢᠷᠠᠯ᠎ᠠ

ᠪᠢ ᠬᠤᠯᠠ ᠡᠴᠡ ᠢᠷᠡᠭ᠍ᠰᠡᠨ ᠭᠦᠮᠤᠨ

ᠪᠣᠴᠠᠬᠤ ᠰᠢᠪᠠᠭᠤᠳ ᠤᠨ ᠵᠡᠯᠡᠯᠭᠡ ᠶᠢ ᠣᠶᠠᠷᠠᠨ ᠣᠶᠠᠷᠠᠳᠠᠯ᠎ᠠ ᠨᠢ ᠰᠢᠯᠦᠭᠯᠡᠵᠤ

ᠰᠢᠷᠭᠠᠯ ᠨᠠᠮᠤᠷ ᠤᠨ ᠭᠡᠢ᠌ᠰᠭᠦ ᠨᠠᠪᠴᠢᠰ ᠢ ᠳᠠᠷᠪᠠᠨ ᠳᠠᠷᠪᠠᠳᠠᠯ᠎ᠠ ᠨᠢ ᠰᠢᠯᠦᠭᠯᠡᠵᠤ

ᠪᠢ ᠬᠤᠯᠠ ᠡᠴᠡ ᠢᠷᠡᠭ᠍ᠰᠡᠨ ᠭᠦᠮᠤᠨ

ᠳᠠᠭᠤᠯᠠᠵᠤ ᠴᠢᠳᠠᠳᠠᠭ ᠭᠦᠮᠤᠨ ᠲᠡᠶ ᠨᠢ ᠬᠠᠮᠳᠤ ᠳᠠᠭᠠᠨ

ᠳᠠᠭᠤᠯᠠᠶ᠎ᠠ ᠭᠡᠮᠡᠨ ᠢᠷᠠᠯ᠎ᠠ

ᠳᠤᠷᠠᠯᠠᠵᠤ ᠪᠣᠯᠤᠮᠠᠷ ᠦᠬᠢᠨ ᠳ᠋ᠤᠨᠢ ᠳᠤᠷᠠᠯᠠᠵᠤ

ᠬᠠᠮᠳᠤ ᠳᠠᠭᠠᠨ ᠶᠠᠪᠣᠯᠴᠠᠶ᠎ᠠ ᠭᠡᠮᠡᠨ ᠢᠷᠠᠯ᠎ᠠ

ᠮᠣᠢ᠌ᠯ ᠬᠠᠷ᠎ᠠ ᠨᠢᠳᠤᠳᠠᠨ ᠢ ᠨᠢ ᠬᠠᠷᠠᠭᠠᠤᠨ

ᠮᠦᠰᠢᠶᠠᠶ᠎ᠠ ᠭᠡᠮᠡᠨ ᠢᠷᠠᠯ᠎ᠠ

ᠮᠥᠰᠢᠶᠡᠭᠡᠤᠨ ᠪᠠᠰᠠ ᠢᠴᠢᠮᠭᠡᠢ᠌ᠷᠡᠵᠤ

ᠴᠠᠰᠢ ᠪᠠᠨ ᠬᠠᠷᠠᠨ ᠵᠤᠭᠰᠤᠶ᠎ᠠ ᠭᠡᠮᠡᠨ ᠢᠷᠠᠯ᠎ᠠ

ᠪᠢ ᠬᠤᠯᠠ ᠡᠴᠡ ᠢᠷᠡᠭ᠍ᠰᠡᠨ ᠭᠦᠮᠤᠨ

ᠮᠤᠩᠭ᠋ᠤᠯ ᠤᠨ ᠵᠤᠷᠢᠭ ᠬᠠᠳᠠᠭᠤ ᠭᠡᠵᠤ

ᠠᠷᠪᠠᠨ ᠭᠤᠷᠪᠠᠳᠤᠭᠠᠷ ᠵᠠᠭᠤᠨ ᠤ

ᠮᠤᠷᠢᠨ ᠰᠠᠯᠠᠮ᠎ᠠ ᠶᠠᠷᠢᠵᠤ ᠪᠠᠢ᠌ᠭᠰᠠᠨ

ᠰᠠᠯᠠᠮ᠎ᠠ ᠪᠠᠷᠢᠭᠰᠠᠨ ᠡᠷᠡᠴᠦᠳ ᠶᠠᠪᠣᠵᠤ ᠪᠠᠢ᠌ᠭᠰᠠᠨ

《ᠮᠤᠩᠭ᠋ᠤᠯ ᠤᠨ ᠦᠷᠡᠰ ᠮᠠᠰᠢ ᠣᠯᠠᠨ ᠪᠣᠯᠳᠤᠭᠠᠢ》 ᠭᠡᠵᠤ

ᠨᠠᠴᠤᠭᠳᠤᠷᠵᠢ ᠶᠢᠨ ᠭᠡᠷᠢᠶᠡᠰ ᠪᠠᠢ᠌ᠭᠰᠠᠨ

ᠢᠩᠭᠢᠵᠤ ᠡᠨᠡ ᠭᠡᠷᠢᠶᠡᠰ ᠶᠢᠡᠷ ᠨᠢ

ᠷᠢᠠᠴᠢᠨ ᠤ ᠴᠣᠢ᠌ᠨᠤᠮ ᠬᠠᠰᠭᠢᠷᠴᠤ ᠪᠠᠢ᠌ᠭᠰᠠᠨ

ᠡᠨᠡ ᠠᠭᠤᠤ ᠦᠨᠳᠦᠰᠦᠳᠠᠨ ᠳᠤ ᠭᠡᠷᠢᠶᠡᠰ ᠪᠣᠯᠤᠭᠰᠠᠨ ᠡᠨᠡ ᠥᠭᠡᠰ ᠶᠢᠡᠷ

ᠡᠷᠳᠡᠨᠢᠮᠥᠩᠭᠡ ᠳᠠᠨᠠᠷ ᠲᠤ ᠰᠤᠨᠤᠰᠬᠠᠶ᠎ᠠ ᠭᠡᠮᠡᠨ ᠢᠷᠠᠯ᠎ᠠ

《ᠮᠤᠩᠭ᠋ᠤᠯ ᠤᠨ ᠦᠷᠡᠰ ᠮᠠᠰᠢ ᠣᠯᠠᠨ ᠪᠣᠯᠳᠤᠭᠠᠢ》

ᠮᠤᠩᠭ᠋ᠤᠯ ᠰᠤᠶᠤᠯ ᠮᠠᠨᠢ ᠳᠡᠯᠡᠭᠡᠢ ᠶᠢᠨ ᠭᠡᠯᠡ ᠪᠣᠯᠳᠤᠭᠠᠢ︕

ᠮᠤᠩᠭ᠋ᠤᠯ ᠭᠦᠮᠤᠨ ᠬᠤᠷᠸ᠎ᠠ ᠶᠢᠨ ᠡᠵᠡᠨ ᠪᠣᠯᠳᠤᠭᠠᠢ︕

ᠮᠥᠩᠭᠡ ᠶᠢᠨ ᠣᠯᠠᠭᠠᠨ ᠭᠠᠯ ᠡᠭᠦᠷᠢᠳᠡ ᠳᠦᠷᠡᠯᠵᠡᠳᠦᠭᠡᠢ︕

ᠵᠤᠬᠢᠶᠠᠭᠴᠢ᠄ ᠪᠠ᠊·ᠷ·ᠡᠷᠳᠡᠨᠢᠮᠦ᠋ᠩᠭᠡ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3602
ᠴᠠᠭ᠄ 2006 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ