☆ ᠮᠣ᠊·ᠮᠥᠩᠭᠡᠪᠠᠳᠤ
ᠰᠡᠳᠭᠢᠯ ᠤᠨ ᠦᠷᠢ
ᠣᠰᠤᠯ ᠭᠦᠯᠢᠶᠡᠭᠡᠳ ᠠᠮᠵᠢᠭᠰᠠᠨ ᠦᠭᠡᠶ
ᠣᠷᠣᠢ᠌ᠳᠠᠯ ᠳᠠᠭᠠᠨ ᠭᠡᠮᠰᠢᠭᠦ ᠳᠤ
ᠰᠡᠳᠭᠢᠯ ᠤᠨ ᠮᠢᠨᠢ ᠵᠠᠢ ᠳᠤ ᠴᠢ ᠥᠭᠡᠢ᠌ᠯᠡᠭ᠍ᠳᠡᠨ᠎ᠡ᠂
ᠣᠭᠢᠯᠠᠯ ᠨᠡᠭᠡᠭᠡᠳ ᠭᠦᠢᠴᠡᠭ᠍ᠰᠡᠨ ᠦᠭᠡᠶ
ᠣᠶᠠᠷᠠᠯ ᠳᠠᠭᠠᠨ ᠭᠤᠮᠤᠳᠠᠬᠤ ᠳᠤ
ᠨᠢᠯᠪᠣᠰᠤᠨ ᠤ ᠴᠢᠨᠢ ᠣᠢ ᠳᠤ ᠪᠢ ᠣᠭᠢᠶᠠᠭᠳᠠᠨᠠ᠃
ᠡᠮᠵᠡᠭᠭᠡᠨ ᠵᠠᠶᠠᠭᠠᠨ ᠳᠠᠭᠠᠨ ᠬᠠᠷᠰᠢᠵᠤ
ᠡᠴᠦᠰᠯᠡᠯ ᠬᠠᠶᠢᠭᠯᠠᠭᠰᠠᠨ ᠵᠢᠷᠦᠭᠡ ᠪᠠᠨ
ᠡᠮᠳᠡᠷᠡᠯ ᠶᠢᠡᠷ ᠠᠷᠭᠠᠳᠠᠨ ᠴᠥᠭᠦᠷᠡᠭᠦ ᠳᠤ
ᠡᠷᠭᠢᠵᠤ ᠣᠴᠠᠷᠠᠬᠤ ᠡᠴᠡ ᠥᠩᠭᠡᠷᠡᠭ᠍ᠰᠡᠨ
ᠰᠡᠳᠭᠢᠯ ᠤᠨ ᠦᠷᠢ ᠊᠊᠊᠊᠊᠊᠊᠊᠊᠊᠊᠊᠊᠊᠊
ᠴᠢ ᠪᠢᠳᠠᠨ ᠬᠤᠶᠠᠷ ᠪᠢᠯᠠ᠃
ᠭᠠᠷᠤᠵᠠᠳᠠᠵᠤ ᠨᠠᠳᠠᠳᠤ ᠳᠤᠷᠠᠰᠬᠠᠭᠰᠠᠨ
ᠭᠠᠭᠴᠠᠬᠠᠨ ᠵᠢᠷᠤᠭ ᠡᠴᠡ ᠥᠭᠡᠷ᠎ᠡ
ᠡᠩᠭᠦᠷᠡᠢ᠌ᠭᠡᠨ ᠬᠠᠢ᠌ᠷ᠎ᠠ ᠶᠢ ᠮᠢᠨᠢ
ᠡᠨᠡ ᠨᠠᠰᠤᠨ ᠳᠠᠭᠠᠨ ᠳᠠᠭᠢᠭᠠᠤᠨ
ᠡᠳ᠋ᠯᠡᠭᠦ ᠳᠠᠪᠢᠯᠠᠩ ᠦᠭᠡᠶ ᠁
ᠰᠡᠳᠭᠢᠯ ᠤᠨ ᠦᠷᠢ ᠊᠊᠊᠊᠊᠊᠊᠊᠊᠊᠊᠊᠊᠊᠊
ᠴᠢ ᠪᠢᠯᠠ᠃
ᠭᠦᠭᠡᠷᠦᠭᠦᠨ ᠳᠦᠷᠢ ᠶᠢ ᠴᠢᠨᠢ
ᠮᠠᠷᠳᠠᠵᠤ ᠶᠠᠷᠤ ᠴᠢᠳᠠᠳᠠᠭ ᠦᠭᠡᠶ
ᠭᠦᠮᠤᠨ ᠤ ᠭᠢ ᠪᠣᠯᠤᠭᠰᠠᠨ ᠢ ᠴᠢᠨᠢ
ᠠᠭᠤᠴᠢᠯᠠᠵᠤ ᠶᠠᠷᠤ ᠴᠢᠳᠠᠳᠠᠭ ᠦᠭᠡᠶ
ᠰᠡᠳᠭᠢᠯ ᠶᠢᠠᠨ ᠦᠭᠭᠦ ᠳᠤ ᠴᠢᠨᠢ
ᠨᠠᠠᠳᠢᠩᠨᠠᠵᠤ ᠶᠠᠷᠤ ᠴᠢᠳᠠᠭᠰᠠᠨ ᠦᠭᠡᠶ
ᠰᠡᠮᠡᠷᠭᠡᠨ ᠬᠤᠯᠠᠳᠬᠤ ᠳᠤ ᠴᠢᠨᠢ
ᠬᠤᠷᠢᠭᠯᠠᠵᠤ ᠶᠠᠷᠤ ᠴᠢᠳᠠᠭᠰᠠᠨ ᠦᠭᠡᠶ
ᠰᠡᠳᠭᠢᠯ ᠤᠨ ᠦᠷᠢ ᠊᠊᠊᠊᠊᠊᠊᠊᠊᠊᠊᠊᠊᠊᠊
ᠪᠢ ᠪᠢᠯᠠ᠃
ᠵᠤᠬᠢᠶᠠᠭᠴᠢ ᠶᠢᠨ ᠬᠠᠶᠢᠭ᠄ ᠪᠠᠶᠠᠠᠭᠤᠤᠯ ᠵᠸᠤ ᠤᠨ ᠾᠸᠵᠢᠩ ᠰᠢᠶᠠᠨ
ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ