☆ ᠪᠠᠭᠠᠷᠢᠡᠴᠢᠮᠡᠭ᠌
ᠠᠮᠵᠢᠯᠳᠠᠳᠠᠢ ᠨᠢᠭᠡᠨ ᠭᠢᠴᠢᠶᠠᠯ
ᠨᠢᠭᠡᠨ ᠭᠡᠯᠡ ᠪᠢᠴᠢᠭ᠌ ᠤᠨ ᠪᠠᠭᠰᠢ ᠪᠣᠯᠤᠭᠰᠠᠨ ᠤ ᠬᠤᠪᠢ ᠳᠤ᠂ ᠪᠢ ᠵᠤᠬᠢᠶᠠᠨ ᠪᠢᠴᠢᠯᠭᠡ ᠶᠢᠨ ᠭᠢᠴᠢᠶᠠᠯ ᠢ ᠲᠤᠢ᠌ᠯ ᠶᠢᠡᠷ ᠭᠦᠡᠳᠦᠳᠭᠡᠵᠤ᠂ ᠦᠨᠳᠦᠰᠦᠨ ᠳᠡᠭᠡᠨ ᠨᠢᠭᠡ ᠭᠠᠷᠠᠭ ᠲᠤ ᠨᠢᠭᠡ ᠵᠤᠬᠢᠶᠠᠯ ᠪᠢᠴᠢᠭᠦᠯᠭᠦ ᠶᠢ ᠪᠠᠷᠢᠮᠳᠠᠯᠠᠵᠤ᠂ ᠳᠠᠷᠠ ᠪᠦᠭᠦᠨ ᠢ ᠭᠢᠨᠠᠵᠤ ᠵᠠᠰᠠᠵᠤ ᠥᠭ᠍ᠳᠡᠭ᠌ ᠪᠦᠭᠡᠳ ᠰᠤᠷᠤᠭᠴᠢᠳ ᠢ ᠱᠠᠭᠠᠷᠳᠠᠨ ᠵᠤᠵᠠᠭᠠᠨ ᠰᠢᠭ ᠳᠡᠮᠳᠡᠭᠯᠡᠯ ᠤᠨ ᠳᠠᠪᠳᠠᠷ ᠳᠡᠭᠡᠷ᠎ᠡ ᠪᠢᠴᠢᠭᠦᠯᠳᠡᠭ᠌᠂ ᠣᠴᠢᠷ ᠨᠢ ᠡᠩ ᠤᠨ ᠵᠤᠬᠢᠶᠠᠨ ᠪᠢᠴᠢᠯᠭᠡ ᠶᠢᠨ ᠳᠠᠰᠬᠠᠯ ᠨᠢ ᠭᠡᠳᠦᠷᠭᠡᠢ ᠨᠢᠮᠭᠡᠨ ᠪᠠᠢ᠌ᠵᠤ ᠳᠠᠮᠠᠢ ᠭᠡᠳᠤᠨ ᠵᠤᠬᠢᠶᠠᠯ ᠪᠢᠴᠢᠵᠤ ᠪᠠᠭᠳᠠᠬᠤ ᠦᠭᠡᠶ ᠮᠥᠷᠳᠡᠭᠡᠨ ᠳᠠᠷᠠ ᠨᠢ ᠠᠮᠠᠷᠬᠠᠨ ᠭᠡᠭᠡᠭ᠍ᠳᠡᠭᠦ ᠠᠶᠤᠯᠳᠠᠢ ᠪᠠᠢ᠌ᠳᠠᠭ ᠪᠣᠯᠬᠤᠷ ᠳᠡᠮᠳᠡᠭᠯᠡᠯ ᠤᠨ ᠳᠠᠪᠳᠠᠷ ᠳᠡᠭᠡᠷ᠎ᠡ ᠪᠢᠴᠢᠭᠦᠯᠴᠢᠭᠡᠪᠠᠯ ᠬᠠᠳᠠᠭᠠᠯᠠᠬᠤ ᠳᠤ ᠠᠮᠠᠷᠬᠠᠨ ᠢ ᠪᠣᠳᠤᠭᠰᠠᠨ ᠪᠢᠯᠠ᠃
ᠡᠨᠡ ᠭᠠᠷᠠᠭ ᠤᠨ ᠵᠤᠬᠢᠶᠠᠯ ᠤᠨ ᠳᠠᠰᠬᠠᠯ ᠢ ᠬᠤᠷᠢᠶᠠᠵᠤ ᠠᠪᠴᠢᠷᠠᠯ᠎ᠠ᠂ ᠰᠠᠷᠠᠭᠤᠯ ᠵᠤᠬᠢᠶᠠᠯ ᠶᠢᠡᠨ ᠪᠢᠴᠢᠭ᠍ᠰᠡᠨ ᠦᠭᠡᠶ᠃ ᠳᠠᠷᠠ ᠳᠡᠮᠳᠡᠭᠯᠡᠯ ᠤᠨ ᠳᠠᠪᠳᠠᠷ ᠳᠡᠭᠡᠷ᠎ᠡ ᠪᠠᠨ ᠢᠩᠭᠢᠵᠤ ᠪᠢᠴᠢᠵᠤ ᠪᠠᠢ᠌ᠯ᠎ᠠ᠄ 《ᠪᠠᠭᠰᠢ ᠡ᠂ ᠳᠠ ᠭᠡᠳᠦᠷᠭᠡᠢ ᠶᠠᠭᠠᠷᠠᠤ ᠪᠣᠯᠬᠤᠷ ᠡᠭᠦᠨ ᠡᠴᠠ ᠬᠣᠢ᠌ᠰᠢ ᠪᠢ ᠳᠠᠨ ᠤ ᠥᠯᠡᠳᠡᠭᠡᠭ᠍ᠰᠡᠨ ᠵᠤᠬᠢᠶᠠᠨ ᠪᠢᠴᠢᠯᠭᠡ ᠶᠢᠨ ᠳᠠᠰᠬᠠᠯ ᠢ ᠭᠢᠭᠦ ᠦᠭᠡᠶ ᠯᠠᠢ᠂ ᠳᠠ ᠴᠤ ᠮᠢᠨᠤ ᠳᠠᠰᠬᠠᠯ ᠢ ᠭᠢᠨᠠᠬᠤ ᠭᠡᠵᠤ ᠣᠢ᠌ᠯᠠ ᠪᠠᠨ ᠪᠠᠷᠠᠬᠤ ᠭᠡᠷᠡᠭ᠌ ᠦᠭᠡᠶ᠂ ᠡᠨᠡ ᠪᠣᠯ ᠮᠢᠨᠤ ᠬᠠᠮᠤᠭ ᠰᠡᠭᠦᠯ ᠤᠨ ᠵᠤᠬᠢᠶᠠᠨ ᠪᠢᠴᠢᠯᠭᠡ ᠶᠢᠨ ᠳᠠᠰᠬᠠᠯ ᠪᠣᠯᠤᠨ᠎ᠠ》 ᠭᠡᠰᠡᠨ ᠪᠠᠢ᠌ᠵᠠᠢ᠃ ᠡᠭᠦᠨ ᠢ ᠥᠵᠡᠭᠡᠳ ᠪᠢ ᠳᠤᠩ ᠬᠠᠴᠢᠷᠬᠠᠭᠰᠠᠨ ᠪᠦᠭᠡᠳ ᠨᠢᠭᠡᠨ ᠵᠣᠢ᠌ᠯ ᠤᠨ ᠭᠢᠯᠢᠰᠳᠡᠭ᠍ᠰᠡᠨ ᠰᠡᠳᠬᠢᠯᠭᠡ ᠳᠦᠷᠦᠭ᠍ᠳᠡᠭ᠍ᠰᠡᠨ ᠪᠠᠢ᠌ᠯ᠎ᠠ᠃ ᠳᠡᠭᠡᠭᠡᠳ ᠪᠢ ᠳᠡᠭᠦᠨ ᠤ ᠳᠡᠭᠡᠷ᠎ᠡ ᠭᠠᠷᠠᠭ ᠤᠨ ᠳᠠᠰᠬᠠᠯ ᠢ ᠰᠡᠭᠦᠵᠤ ᠥᠵᠡᠭᠦᠯᠡᠷ ᠨᠢᠭᠡᠨᠲᠡ ᠵᠠᠰᠠᠭᠰᠠᠨ ᠪᠠᠢ᠌ᠯ᠎ᠠ᠂ ᠳᠡᠭᠦᠨ ᠤ ᠰᠤᠷᠭᠠᠭᠤᠯᠢ ᠳᠤ ᠣᠷᠤᠭᠰᠠᠨ ᠡᠴᠠ ᠢᠨᠠᠭᠰᠢᠭᠢ ᠵᠤᠬᠢᠶᠠᠯ ᠨᠤᠭᠤᠳ ᠢ ᠨᠢ ᠰᠡᠭᠦᠵᠤ ᠦᠵᠡᠪᠠᠯ ᠴᠦᠮ ᠨᠢᠭᠡᠳ ᠨᠢᠭᠡ ᠪᠠᠷ ᠵᠠᠰᠠᠵᠤ ᠦᠭᠭᠦᠭ᠍ᠰᠡᠨ ᠪᠠᠢ᠌ᠯ᠎ᠠ᠂ ᠪᠢ ᠳᠡᠭᠦᠨ ᠤ ᠵᠤᠬᠢᠶᠠᠯ ᠤᠨ ᠳᠠᠪᠳᠠᠷ ᠢ ᠳᠠᠭᠢᠨ ᠨᠢᠭᠡ ᠣᠳᠠᠭ᠎ᠠ ᠣᠷᠪᠠᠭᠤᠯᠬᠤ ᠳᠤ ᠮᠦᠨᠴᠤ ᠭᠢᠨᠠᠯᠳᠠ ᠭᠢᠭ᠍ᠰᠡᠨ ᠦᠭᠡᠶ ᠳᠠᠰᠬᠠᠯ ᠭᠡᠵᠤ ᠨᠢᠭᠡᠴᠤ ᠣᠯᠤᠭᠰᠠᠨ ᠦᠭᠡᠶ᠃ ᠳᠡᠭᠡᠭᠡᠳ ᠶᠠᠭᠤᠨ ᠳᠤ ᠳᠤᠰ ᠰᠤᠷᠤᠭᠴᠢ ᠨᠠᠳᠠᠳᠤ ᠡᠢ᠌ᠮᠤ ᠥᠭᠡ ᠭᠡᠯᠡᠵᠤ ᠪᠠᠢ᠌ᠬᠤ ᠪᠢᠯᠠ ᠭᠡᠵᠤ ᠡᠷᠡᠭᠡᠯᠵᠡᠨ ᠪᠣᠳᠤᠯᠭᠢᠯᠠᠵᠤ ᠪᠠᠢ᠌ᠳᠠᠯ᠎ᠠ ᠳᠡᠭᠦᠨ ᠤ ᠳᠠᠰᠬᠠᠯ ᠤᠨ ᠳᠠᠪᠳᠠᠷ ᠡᠴᠠ ᠨᠢᠭᠡᠨ ᠬᠠᠭᠤᠳᠠᠰᠤ ᠵᠠᠭᠢᠳᠠᠯ ᠤᠨ ᠴᠠᠭᠠᠰᠤ ᠣᠨᠠᠵᠤ ᠢᠷᠠᠪᠠ᠂ ᠳᠡᠭᠦᠵᠤ ᠠᠪᠣᠭᠠᠤᠨ ᠥᠵᠡᠭᠦᠯᠡᠷ ᠬᠠᠷᠢᠨ ᠨᠢᠭᠡᠨ ᠬᠤᠪᠢ ᠵᠤᠬᠢᠶᠠᠯ ᠪᠠᠢ᠌ᠯ᠎ᠠ᠂ ᠳᠡᠭᠦᠨ ᠢ ᠨᠢ ᠪᠢ ᠵᠠᠰᠠᠵᠤ ᠭᠢᠨᠠᠭᠰᠠᠨ ᠶᠠᠪᠣᠳᠠᠯ ᠦᠭᠡᠶ᠃ ᠡᠨᠡ ᠨᠢ ᠯᠠᠪᠳᠠᠢ ᠳᠡᠭᠡᠷ᠎ᠡ ᠭᠠᠷᠠᠭ ᠪᠢᠴᠢᠭ᠍ᠳᠡᠭ᠍ᠰᠡᠨ ᠵᠤᠬᠢᠶᠠᠯ ᠪᠠᠢ᠌ᠬ᠎ᠠ᠂ ᠪᠢ ᠶᠠᠷᠤ ᠶᠢᠨ ᠴᠠᠭ ᠲᠠᠭᠠᠨ ᠰᠤᠷᠤᠭᠴᠢᠳ ᠢ ᠵᠤᠬᠢᠶᠠᠯ ᠢᠯᠡᠭᠦᠤ ᠪᠢᠴᠢᠭᠦ ᠶᠢ ᠱᠠᠭᠠᠷᠳᠠᠳᠠᠭ ᠪᠦᠭᠡᠳ ᠡᠩ ᠤᠨ ᠦᠶ᠎ᠡ ᠶᠢᠨ ᠳᠠᠰᠬᠠᠯ ᠲᠡᠶ ᠠᠳᠠᠯᠢ ᠵᠠᠰᠠᠵᠤ ᠥᠭ᠍ᠳᠡᠭ᠌᠃ ᠡᠨᠡ ᠣᠳᠠᠭ᠎ᠠ ᠪᠢ ᠳᠡᠭᠦᠨ ᠤ ᠡᠨᠡᠭᠦ ᠵᠤᠬᠢᠶᠠᠯ ᠢ ᠵᠠᠰᠠᠵᠤ ᠦᠭᠭᠦᠭ᠍ᠰᠡᠨ ᠦᠭᠡᠶ ᠡᠴᠠ ᠪᠣᠯᠵᠤ ᠡᠢ᠌ᠮᠤ ᠡ᠊ᠨᠳᠡᠭᠦᠷᠡᠯ ᠡᠭᠦᠰᠦᠭ᠍ᠰᠡᠨ ᠪᠠᠢ᠌ᠵᠠᠢ᠃ ᠳᠤᠰ ᠰᠤᠷᠤᠭᠴᠢ ᠶᠢᠨ ᠭᠡᠯᠡ ᠪᠢᠴᠢᠭ᠌ ᠤᠨ ᠰᠠᠭᠤᠷᠢ ᠨᠢ ᠠᠨᠠᠢ ᠪᠠᠢ᠌ᠵᠤ᠂ ᠵᠤᠬᠢᠶᠠᠨ ᠪᠢᠴᠢᠯᠭᠡ ᠶᠢᠨ ᠭᠢᠷᠢ ᠪᠦᠳᠦᠮᠵᠢ ᠨᠢ ᠳᠠᠮᠠᠢ ᠰᠠᠢ᠌ᠨ ᠪᠢᠰᠢ ᠪᠠᠢ᠌ᠳᠠᠭ᠃ ᠡᠩ ᠤᠨ ᠴᠠᠭ ᠲᠠᠭᠠᠨ ᠥᠭᠡ ᠳᠠᠭᠤᠨ ᠴᠥᠭᠡᠨᠳᠡᠢ ᠪᠠᠢ᠌ᠵᠤ᠂ ᠶᠠᠷᠤ ᠡᠴᠠ ᠭᠠᠷ ᠡᠷᠭᠦᠵᠤ ᠠᠰᠠᠭᠤᠯᠳᠠ ᠬᠠᠷᠢᠭᠤᠯᠬᠤ ᠶᠢ ᠮᠡᠳᠡᠳᠡᠭ᠌ ᠦᠭᠡᠶ᠂ ᠭᠢᠴᠢᠶᠠᠯ ᠶᠢᠡᠨ ᠣᠩᠰᠢᠬᠤ ᠳᠠᠭᠤ ᠨᠢ ᠭᠡᠳ ᠳᠤᠩ ᠰᠤᠯᠠ ᠳᠤᠷᠤᠢ ᠪᠠᠢ᠌ᠳᠠᠭ᠃ ᠮᠢᠨᠤ ᠥᠵᠡᠭᠦ ᠪᠠᠷ ᠮᠠᠨ ᠤ ᠪᠠᠭᠰᠢ ᠪᠣᠯᠤᠭᠰᠠᠤᠨ ᠲᠤ ᠨᠢᠭᠡᠨ ᠨᠠᠢ᠌ᠳᠠ ᠶᠢᠨ ᠳᠤᠳᠠᠭᠳᠠᠯ ᠣᠷᠤᠰᠢᠵᠤ ᠪᠠᠢ᠌ᠬᠤ ᠪᠣᠯᠤᠨ᠎ᠠ᠂ ᠳᠠᠷᠠ ᠨᠢ ᠳᠠᠷᠤᠢ ᠠᠩᠭᠢ ᠨᠢᠭᠡᠴᠡ ᠶᠢᠨ ᠳᠤᠮᠳᠠ ᠪᠠᠨ ᠰᠤᠷᠤᠯᠭ᠎ᠠ ᠶᠢᠨ ᠭᠢᠷᠢ ᠪᠦᠳᠦᠮᠵᠢ ᠪᠠᠷ ᠣᠠᠴᠠ ᠰᠠᠢ᠌ᠨ ᠰᠤᠷᠤᠭᠴᠢ ᠭᠢᠭᠡᠳ ᠣᠠᠴᠠᠭᠠᠢ ᠠᠯᠢᠶ᠎ᠠ ᠰᠤᠷᠤᠭᠴᠢ ᠶᠢ ᠢᠯᠡᠭᠦᠴᠡ ᠠᠩᠬᠠᠷᠤᠭᠠᠤᠨ᠂ ᠬᠠᠷᠢᠨ ᠳᠡᠳᠡᠭᠡᠷ ᠳᠤᠮᠳᠠ ᠵᠡᠷᠭᠡ ᠶᠢᠨ ᠰᠤᠷᠤᠭᠴᠢᠳ ᠢ ᠣᠮᠳᠠᠭᠠᠢ᠌ᠯᠠᠳᠠᠭ᠃ ᠨᠠᠷᠢᠪᠴᠢᠯᠠᠨ ᠪᠣᠳᠤᠵᠤ ᠥᠵᠡᠭᠦᠯ᠎ᠡ᠂ ᠳᠤᠰ ᠰᠤᠷᠤᠭᠴᠢ ᠶᠢ ᠰᠤᠷᠭᠠᠭᠤᠯᠢ ᠳᠤ ᠣᠷᠤᠭᠰᠠᠨ ᠡᠴᠠ ᠡᠳᠦᠭᠡ ᠪᠣᠯᠳᠠᠯ᠎ᠠ ᠪᠢ ᠳᠡᠭᠦᠨ ᠲᠡᠶ ᠶᠠᠷᠤ ᠡᠴᠠ ᠳᠤᠰᠳᠠᠭᠠᠨ ᠶᠠᠷᠢᠯᠴᠠᠵᠤ ᠥᠵᠡᠭᠡ ᠦᠭᠡᠶ ᠶᠤᠮ ᠪᠠᠢ᠌ᠨ᠎ᠠ᠂ ᠡᠨᠡ ᠴᠢᠨᠢ ᠮᠢᠨᠤ ᠬᠠᠷᠢᠭᠤᠴᠠᠯᠭ᠎ᠠ ᠪᠠᠨ ᠠᠯᠳᠠᠵᠤ ᠪᠠᠢ᠌ᠭ᠎ᠠ ᠶᠠᠪᠣᠳᠠᠯ ᠪᠢᠰᠢᠤ︕ ᠳᠡᠭᠦᠨ ᠤ ᠳᠡᠷᠡᠭᠦ ᠵᠤᠬᠢᠶᠠᠯ ᠤᠨ ᠳᠠᠪᠳᠠᠷ ᠳᠡᠭᠡᠷ᠎ᠡ ᠪᠠᠨ ᠪᠢᠴᠢᠭ᠍ᠰᠡᠨ ᠥᠭᠡᠰ ᠤᠨ ᠢᠷᠠᠯᠳᠠ ᠪᠣᠯ ᠭᠠᠭᠴᠠᠬᠠᠨ ᠨᠢᠭᠡᠨ ᠣᠳᠠᠭᠠᠨ ᠤ ᠵᠤᠬᠢᠶᠠᠯ ᠢ ᠨᠢ ᠵᠠᠰᠠᠵᠤ ᠦᠭᠭᠦᠭ᠍ᠰᠡᠨ ᠦᠭᠡᠶ ᠡᠴᠠ ᠪᠣᠯᠤᠭᠰᠠᠨ ᠣᠴᠢᠷ ᠪᠢᠰᠢ ᠭᠡᠵᠤ ᠪᠢ ᠣᠢ᠌ᠯᠠᠭᠠᠯ᠎ᠠ᠂ 《ᠮᠦᠰᠤ ᠭᠤᠷᠪᠠᠨ ᠳᠤᠬᠤᠢ ᠭᠦᠯᠳᠡᠭᠦ ᠢᠨᠤ᠂ ᠵᠥᠪᠭᠡᠨ ᠨᠢᠭᠡᠨ ᠰᠦᠨᠢ ᠶᠢᠨ ᠭᠦᠢᠳᠡᠨ ᠪᠣᠰᠤ》 ᠭᠡᠭ᠍ᠴᠢ ᠡᠨᠡ ᠪᠣᠶ᠎ᠠ᠃
ᠵᠠᠭᠢᠳᠠᠯ ᠤᠨ ᠴᠠᠭᠠᠰᠤᠨ ᠳᠡᠭᠡᠷ᠎ᠡ ᠪᠢᠴᠢᠭ᠍ᠰᠡᠨ ᠵᠤᠬᠢᠶᠠᠯ ᠢ ᠨᠢ ᠵᠠᠰᠠᠵᠤ ᠪᠠᠷᠠᠭᠰᠠᠨ ᠤ ᠳᠠᠷᠠᠭ᠎ᠠ ᠳᠠᠷᠠ ᠰᠤᠷᠤᠭᠴᠢ ᠶᠢ ᠳᠠᠭᠤᠳᠠᠵᠤ ᠢᠷᠠᠪᠠ᠂ ᠳᠡᠭᠦᠨ ᠤ ᠴᠢᠷᠠᠢ ᠳᠡᠭᠡᠷ᠎ᠡ ᠶᠠᠮᠠᠷ ᠴᠤ ᠰᠡᠳᠬᠢᠯᠭᠡ ᠶᠢᠨ ᠬᠤᠪᠢᠷᠠᠯ ᠪᠠᠢ᠌ᠬᠤ ᠦᠭᠡᠶ᠃ ᠪᠢ ᠣᠷᠢᠳᠠᠪᠠᠷ ᠵᠠᠰᠠᠭᠰᠠᠨ ᠵᠤᠬᠢᠶᠠᠯ ᠤᠨ ᠶᠢᠡᠨ ᠳᠤᠬᠠᠢ ᠦᠵᠡᠯᠳᠠ ᠪᠠᠨ ᠶᠠᠷᠢᠪᠠᠯ ᠳᠠᠷᠠ ᠣᠢ᠌ᠰᠢᠶᠠᠬᠤ ᠴᠤ ᠦᠭᠡᠶ ᠪᠠᠢ᠌ᠵᠤ᠂ ᠨᠢᠭᠡᠴᠤ ᠥᠭᠡ ᠳᠤᠤᠭᠠᠷᠤᠭᠰᠠᠨ ᠦᠭᠡᠶ᠃ ᠪᠢ ᠳᠡᠭᠦᠨ ᠳᠤ᠄ 《ᠳᠠᠨ ᠤ ᠳᠡᠷᠡᠭᠦ ᠳᠠᠰᠬᠠᠯ ᠤᠨ ᠳᠠᠪᠳᠠᠷ ᠳᠡᠭᠡᠷ᠎ᠡ ᠪᠠᠨ ᠪᠢᠴᠢᠭ᠍ᠰᠡᠨ ᠥᠭᠡᠰ ᠢ ᠴᠢᠨᠢ ᠪᠠᠭᠰᠢ ᠨᠢ ᠦᠵᠡᠯ᠎ᠠ᠂ ᠴᠢ ᠶᠠᠭᠤᠨ ᠳᠤ ᠳᠡᠭᠡᠵᠤ ᠭᠡᠯᠡᠵᠤ ᠪᠠᠢ᠌ᠬᠤ ᠪᠣᠢ︖》 ᠭᠡᠪᠠᠯ᠂ ᠳᠤᠤᠭᠠᠷᠴᠤ ᠶᠠᠳᠠᠭᠠᠤᠨ ᠪᠠᠢ᠌ᠪᠠ᠃ ᠪᠢ ᠳᠠᠭᠢᠨ ᠳᠡᠭᠦᠨ ᠳᠤ᠄ 《ᠴᠢ ᠶᠠᠮᠠᠷ ᠥᠭᠡ ᠪᠠᠢ᠌ᠪᠠᠯ ᠳᠡᠭᠦᠨ ᠶᠢᠡᠨ ᠭᠡᠯᠡᠴᠢᠭᠡ᠂ ᠪᠠᠭᠰᠢ ᠪᠠᠨ ᠳᠠᠷᠤᠢ ᠨᠠᠢ᠌ᠵᠠ ᠪᠠᠨ ᠭᠡᠵᠤ ᠪᠣᠳᠤᠭᠠᠤᠨ ᠰᠡᠳᠭᠢᠯ ᠤᠨ ᠥᠭᠡ ᠪᠠᠨ ᠶᠠᠷᠢᠴᠢᠬᠠ︕》 ᠭᠡᠵᠤ ᠴᠢᠩ ᠰᠡᠳᠭᠢᠯ ᠡᠴᠠ ᠪᠠᠨ ᠵᠤᠷᠢᠭᠵᠢᠭᠤᠯᠤᠨ ᠣᠷᠮᠠᠰᠢᠭᠤᠯᠬᠤ ᠳᠤ᠂ ᠳᠠᠷᠠ᠄ 《ᠠᠩᠭᠢ ᠳᠤᠳᠤᠷᠠᠭᠢ ᠳᠡᠳᠡᠭᠡᠷ ᠰᠠᠢ᠌ᠨ ᠰᠤᠷᠤᠯᠭᠠᠳᠠᠢ ᠨᠥᠭᠦᠤᠨ ᠢ ᠳᠠ ᠦᠷᠭᠦᠯᠵᠢ ᠠᠷᠪᠢᠨ ᠵᠤᠬᠢᠶᠠᠯ ᠪᠢᠴᠢᠭᠦ ᠶᠢ ᠱᠠᠭᠠᠷᠳᠠᠳᠠᠭ᠂ ᠭᠡᠳᠡᠯ᠎ᠡ ᠪᠢ ᠨᠢᠭᠡᠨ ᠵᠤᠬᠢᠶᠠᠯ ᠪᠢᠴᠢᠭᠦᠯᠡᠷ ᠳᠠ ᠬᠠᠷᠢᠨ ᠵᠠᠰᠠᠵᠤ ᠪᠠᠰᠠ ᠦᠭᠭᠦᠭ᠍ᠰᠡᠨ ᠦᠭᠡᠶ》 ᠭᠡᠯᠡ᠃ ᠳᠡᠭᠡᠭᠦ ᠳᠤ ᠪᠢ᠄ 《ᠳᠡᠭᠡᠷ᠎ᠡ ᠭᠠᠷᠠᠭ ᠴᠢ ᠳᠠᠷᠠ ᠵᠤᠬᠢᠶᠠᠯ ᠶᠢᠡᠨ ᠶᠠᠭᠠᠭᠢᠭᠠᠤᠨ ᠵᠤᠬᠢᠶᠠᠯ ᠤᠨ ᠳᠠᠰᠬᠠᠯ ᠳᠡᠭᠡᠷ᠎ᠡ ᠪᠠᠨ ᠭᠢᠭ᠍ᠰᠡᠨ ᠦᠭᠡᠶ ᠪᠣᠢ︖》 ᠭᠡᠰᠡᠨ ᠳᠤ᠂ ᠳᠠᠷᠠ᠄ 《ᠡᠨᠡ ᠵᠤᠬᠢᠶᠠᠯ ᠢ ᠪᠢᠴᠢᠵᠤ ᠪᠠᠷᠠᠬᠤ ᠦᠶᠡᠰ ᠳᠠᠰᠬᠠᠯ ᠢ ᠨᠢᠭᠡᠨᠲᠡ ᠬᠤᠷᠢᠶᠠᠵᠤ ᠠᠪᠣᠭᠠᠤᠨ ᠢᠷᠡᠴᠢᠭᠡᠭ᠍ᠰᠡᠨ ᠪᠠᠢ᠌ᠨ᠎ᠠ᠂ ᠳᠡᠭᠡᠭᠡᠳ ᠪᠢ ᠳᠠᠷᠤᠢ ᠵᠠᠭᠢᠳᠠᠯ ᠤᠨ ᠴᠠᠭᠠᠰᠤᠨ ᠳᠡᠭᠡᠷ᠎ᠡ ᠪᠢᠴᠢᠵᠤ ᠳᠠᠨ ᠤ ᠠᠯᠪᠠᠨ ᠭᠡᠷ ᠲᠤ ᠴᠢᠨᠢ ᠢᠷᠠᠵᠤ ᠳᠠᠰᠬᠠᠯ ᠤᠨ ᠶᠢᠡᠨ ᠵᠠᠪᠰᠠᠷ ᠲᠤ ᠬᠠᠪᠴᠢᠭᠤᠯᠵᠤ ᠳᠠᠨ ᠶᠢᠡᠷ ᠵᠠᠰᠠᠭᠤᠯᠬᠤ ᠭᠡᠰᠡᠨ ᠶᠤᠮ᠂ ᠭᠡᠳᠡᠯ᠎ᠡ ᠳᠠ ᠁》 ᠭᠡᠯᠡ᠃ ᠳᠡᠭᠡᠭᠦ ᠳᠤ ᠨᠢ ᠪᠢ᠄ 《ᠪᠠᠭᠰᠢ ᠨᠢ ᠥᠨᠡᠭᠡᠷ ᠣᠯᠵᠤ ᠥᠵᠡᠭ᠍ᠰᠡᠨ ᠦᠭᠡᠶ ᠰᠢᠤ ᠳᠠᠷᠠ ᠵᠤᠬᠢᠶᠠᠯ ᠢ ᠴᠢᠨᠢ》 ᠭᠡᠪᠠᠯ᠄ 《ᠣᠯᠵᠤ ᠥᠵᠡᠭ᠍ᠰᠡᠨ ᠦᠭᠡᠶ ᠭᠡᠪᠠᠯ ᠬᠤᠳᠠᠯ ᠡ᠂ ᠵᠠᠭᠢᠳᠠᠯ ᠤᠨ ᠴᠠᠭᠠᠰᠤ ᠳᠠᠢ᠌ᠮᠤ ᠵᠤᠵᠠᠭᠠᠨ ᠪᠠᠢ᠌ᠳᠠᠯ᠎ᠠ ᠣᠯᠵᠤ ᠥᠵᠡᠭᠦ ᠦᠭᠡᠶ ᠭᠡᠷᠡᠭ᠌ ᠪᠠᠢ᠌ᠨᠠᠤ︖ ᠭᠡᠷᠪᠡ ᠨᠢᠭᠡᠨ ᠰᠠᠢ᠌ᠨ ᠰᠤᠷᠤᠯᠭᠠᠳᠠᠢ ᠰᠤᠷᠤᠭᠴᠢ ᠶᠢᠨ ᠳᠠᠰᠬᠠᠯ ᠪᠣᠯᠤᠭᠰᠠᠨ ᠪᠣᠯ ᠳᠠ ᠶᠠᠭᠠᠭᠢᠵᠤ ᠥᠵᠡᠭᠦ ᠪᠣᠯ︖》 ᠭᠡᠴᠢᠭᠡᠪᠡ᠃ ᠥᠨᠡᠭᠡᠷ ᠴᠤ ᠳ᠋ᠠ᠂ ᠠᠩᠭᠢ ᠳᠤᠳᠤᠷᠠᠭᠢ ᠳᠡᠳᠡᠭᠡᠷ ᠵᠤᠬᠢᠶᠠᠨ ᠪᠢᠴᠢᠯᠭᠡ ᠶᠢᠨ ᠭᠢᠷᠢ ᠪᠦᠳᠦᠮᠵᠢ ᠪᠠᠷ ᠰᠠᠢ᠌ᠨ ᠰᠤᠷᠤᠭᠴᠢᠳ ᠦᠷᠭᠦᠯᠵᠢ ᠳᠤᠰ ᠰᠤᠷᠤᠭᠴᠢ ᠰᠢᠭ᠌ ᠵᠠᠭᠢᠳᠠᠯ ᠤᠨ ᠴᠠᠭᠠᠰᠤᠨ ᠳᠡᠭᠡᠷ᠎ᠡ ᠵᠤᠬᠢᠶᠠᠯ ᠪᠢᠴᠢᠵᠤ ᠳᠤᠰᠢᠶᠠᠬᠤ ᠳᠤ ᠪᠢ ᠴᠤ ᠨᠠᠷᠢᠨ ᠭᠢᠨᠠᠮᠠᠭᠠᠢ ᠵᠠᠰᠠᠵᠤ ᠭᠢᠨᠠᠵᠤ ᠥᠭ᠍ᠳᠡᠭ᠌ ᠶᠤᠮᠰᠠᠨ᠃ ᠳᠡᠭᠡᠷ᠎ᠡ ᠭᠠᠷᠠᠭ ᠳᠠᠰᠬᠠᠯ ᠵᠠᠰᠠᠬᠤ ᠦᠶᠡᠰ ᠳᠡᠭᠦᠨ ᠤ ᠳᠠᠰᠬᠠᠯ ᠤᠨ ᠵᠠᠪᠰᠠᠷ ᠲᠤ ᠨᠢᠭᠡᠨ ᠬᠠᠭᠤᠳᠠᠰᠤ ᠵᠠᠭᠢᠳᠠᠯ ᠤᠨ ᠴᠠᠭᠠᠰᠤ ᠪᠠᠢ᠌ᠭᠰᠠᠨ ᠢ ᠣᠯᠵᠤ ᠬᠠᠷᠠᠭᠰᠠᠨ ᠪᠢᠯᠠ᠂ ᠭᠡᠪᠠᠴᠤ ᠪᠢ ᠳᠡᠭᠦᠨ ᠤ ᠳᠡᠭᠡᠷᠡᠭᠢ ᠠᠭᠤᠯᠭ᠎ᠠ ᠶᠢ ᠨᠢ ᠣᠩᠰᠢᠵᠤ ᠥᠵᠡᠭ᠍ᠰᠡᠨ ᠦᠭᠡᠶ᠂ ᠳᠤᠰ ᠰᠤᠷᠤᠭᠴᠢ ᠮᠢᠨᠤ ᠡᠮᠵᠡᠭ᠌ ᠢ ᠣᠯᠤᠭᠠᠤᠨ ᠭᠡᠯᠡᠴᠢᠭᠡᠭ᠍ᠰᠡᠨ ᠪᠠᠢ᠌ᠨ᠎ᠠ᠂ ᠪᠢ ᠦᠪᠡᠷ ᠤᠨ ᠳᠤᠳᠠᠭᠳᠠᠯ ᠶᠢᠡᠨ ᠮᠡᠳᠡᠷᠡᠭᠦ ᠦᠭᠡᠶ ᠪᠠᠢ᠌ᠬᠤ ᠶᠢᠨ ᠠᠷᠭ᠎ᠠ ᠦᠭᠡᠶ ᠪᠣᠯᠵᠠᠢ᠃ ᠳᠡᠭᠡᠭᠡᠳ ᠪᠢ᠄ 《ᠡᠨᠡ ᠪᠣᠯ ᠪᠠᠭᠰᠢ ᠶᠢᠨ ᠭᠢᠨᠢ ᠬᠠᠷᠢᠭᠤᠴᠠᠯᠭ᠎ᠠ ᠪᠠᠨ ᠠᠯᠳᠠᠭᠰᠠᠨ ᠶᠠᠪᠣᠳᠠᠯ ᠮᠦᠨ᠂ ᠪᠠᠭᠰᠢ ᠶᠢᠨ ᠶᠢᠡᠨ ᠡᠨᠡ ᠨᠢᠭᠡᠨ ᠣᠳᠠᠭ᠎ᠠ ᠶᠢ ᠠᠭᠤᠴᠢᠯᠠᠬᠤ ᠪᠣᠯᠪᠠᠤ︕ ᠳᠠᠷᠠᠭ᠎ᠠ ᠣᠳᠠᠭ᠎ᠠ ᠶᠠᠭᠠᠭᠢᠭᠰᠠᠨ ᠴᠤ ᠢᠩᠭᠢᠭᠦ ᠦᠭᠡᠶ》 ᠭᠡᠵᠤ ᠦᠨᠡᠨ ᠰᠡᠳᠭᠢᠯ ᠡᠴᠠ ᠪᠠᠨ ᠭᠡᠯᠡᠭ᠍ᠰᠡᠨ ᠴᠤ ᠳᠠᠷᠠ ᠨᠠᠳᠠᠳᠤ ᠥᠴᠦᠭᠡᠨ ᠴᠤ ᠨᠢᠭᠤᠷ ᠦᠭᠭᠦᠭ᠍ᠰᠡᠨ ᠦᠭᠡᠶ ᠪᠠᠷ᠄ 《ᠬᠤᠵᠢᠮ ᠮᠢᠨᠤ ᠵᠤᠬᠢᠶᠠᠨ ᠪᠢᠴᠢᠯᠭᠡ ᠪᠣᠯᠤᠨ ᠳᠠᠰᠬᠠᠯ ᠢ ᠴᠦᠮ ᠳᠠ ᠭᠢᠨᠠᠵᠤ ᠵᠠᠰᠠᠬᠤ ᠭᠡᠷᠡᠭ᠌ ᠦᠭᠡᠶ᠂ ᠭᠡᠷᠪᠡ ᠪᠣᠰᠤᠳ ᠣᠴᠢᠷ ᠪᠠᠢ᠌ᠬᠤ ᠦᠭᠡᠶ ᠪᠣᠯ ᠪᠢ ᠶᠠᠪᠣᠯ᠎ᠠ》 ᠭᠡᠳ ᠭᠠᠷᠤᠭᠠᠤᠨ ᠭᠦᠶᠦᠴᠢᠭᠡᠯᠡ᠃ ᠪᠠᠭᠰᠢᠯᠠᠭᠰᠠᠨ ᠡᠴᠠ ᠨᠠᠰᠢ ᠠᠩᠬ᠎ᠠ ᠣᠳᠠᠭ᠎ᠠ ᠢᠩᠭᠢᠵᠤ ᠰᠤᠷᠤᠭᠴᠢ ᠶᠢᠨ ᠡᠮᠤᠨ᠎ᠡ ᠪᠠᠷᠢᠭᠰᠠᠨ ᠳᠠᠯᠪᠢᠭᠰᠠᠨ ᠶᠢᠡᠨ ᠠᠯᠳᠠᠭᠰᠠᠨ ᠪᠢ ᠰᠤᠷᠤᠭᠴᠢ ᠶᠢᠨ ᠶᠢᠡᠨ ᠠᠷᠤ ᠡᠴᠠ ᠬᠠᠷᠠᠭᠰᠠᠭᠠᠷ ᠮᠠᠯᠠᠷᠠᠨ ᠬᠤᠴᠤᠷᠤᠯ᠎ᠠ᠃
ᠳᠡᠭᠦᠨ ᠲᠡᠶ ᠶᠠᠷᠢᠯᠴᠠᠭᠰᠠᠨ ᠶᠢᠡᠨ ᠨᠠᠷᠢᠪᠴᠢᠯᠠᠨ ᠪᠣᠳᠤᠯᠭᠢᠯᠠᠬᠤᠯᠠᠷ᠂ ᠪᠢᠳᠠᠨ ᠤ ᠬᠤᠭᠤᠷᠤᠠᠳᠤᠭᠢ ᠵᠠᠢ᠌ᠳᠠᠭᠰᠠᠨ ᠰᠢᠯᠳᠠᠭᠠᠨ ᠪᠣᠯ ᠵᠥᠪᠭᠡᠨ 《ᠰᠤᠷᠤᠭᠴᠢ ᠢᠯᠭᠠᠭᠰᠠᠨ》 ᠳᠤ ᠣᠷᠤᠰᠢᠨ᠎ᠠ᠃ ᠳᠠᠷᠠᠭᠠᠴᠢ ᠪᠠᠷ ᠭᠢᠴᠢᠶᠠᠯ ᠣᠷᠤᠬᠤ ᠪᠦᠷᠢ᠂ ᠳᠠᠷᠠ ᠰᠤᠷᠤᠭᠴᠢ ᠶᠡᠷᠦᠳᠡᠭᠡᠨ ᠠᠩᠬᠠᠷᠤᠯ ᠶᠢᠡᠨ ᠳᠦᠪᠯᠡᠷᠡᠭᠦᠯᠭᠦ ᠪᠠᠨ ᠪᠣᠯᠢᠪᠠ᠃ ᠬᠠᠮᠳᠤ ᠨᠥᠭᠦᠤᠨ ᠨᠢ ᠬᠠᠭᠤᠯᠤᠨ ᠪᠢᠴᠢᠯᠭᠡ ᠭᠢᠭᠦ ᠳᠤ᠂ ᠳᠠᠷᠠ ᠠᠳᠠᠭ ᠨᠢ ᠨᠢᠭᠡ ᠥᠰᠦᠭ᠌ ᠴᠤ ᠪᠢᠴᠢᠭᠦ ᠦᠭᠡᠶ᠂ ᠬᠠᠮᠳᠤ ᠨᠥᠭᠦᠤᠨ ᠨᠢ ᠴᠡᠭᠡᠵᠢ ᠣᠩᠰᠢᠯᠭ᠎ᠠ ᠭᠢᠭᠦ ᠳᠤ᠂ ᠳᠠᠷᠠ ᠭᠠᠭᠴᠠ ᠴᠤ ᠳᠤᠤᠭᠠᠷᠬᠤ ᠦᠭᠡᠶ᠂ ᠳᠠᠰᠬᠠᠯ ᠤᠨ ᠳᠠᠪᠳᠠᠷ ᠢ ᠬᠤᠷᠢᠶᠠᠨ ᠠᠪᠴᠢᠷᠠᠬᠤ ᠳᠤ᠂ ᠳᠡᠭᠦᠨ ᠤ ᠳᠠᠰᠬᠠᠯ ᠬᠠᠷᠠᠭᠳᠠᠬᠤ ᠦᠭᠡᠶ ᠪᠣᠯᠪᠠ᠃ ᠵᠠᠷᠢᠮ ᠴᠠᠭ ᠲᠠᠭᠠᠨ ᠮᠢᠨᠤ ᠭᠢᠴᠢᠶᠠᠯ ᠳᠡᠭᠡᠷ᠎ᠡ ᠳᠠᠷᠠ ᠬᠠᠷᠢᠨ ᠵᠤᠷᠢᠭᠤᠳᠠ ᠪᠣᠰᠤᠳ ᠲᠦᠷᠦᠯ ᠤᠨ ᠭᠢᠴᠢᠶᠠᠯ ᠤᠨ ᠳᠠᠪᠳᠠᠷ ᠶᠢᠡᠨ ᠣᠷᠪᠠᠭᠤᠯᠵᠤ ᠰᠠᠭᠤᠳᠠᠭ᠂ ᠡᠨᠡ ᠨᠢ ᠢᠯᠡᠷᠭᠡᠢ᠌ᠶᠡ ᠨᠠᠳᠠᠳᠠᠢ ᠦᠰᠢᠯᠳᠤᠵᠤ ᠪᠠᠢ᠌ᠬᠤ ᠶᠠᠪᠣᠳᠠᠯ ᠪᠣᠯᠬᠤ ᠶᠤᠮ᠃ ᠠᠰᠠᠭᠤᠳᠠᠯ ᠤᠨ ᠭᠦᠡᠳᠤ ᠨᠤᠴᠢᠳᠠᠢ ᠴᠢᠨᠠᠷ ᠢ ᠪᠢ ᠣᠢ᠌ᠯᠭᠠᠯ᠎ᠠ᠃
ᠬᠤᠶᠠᠳᠤᠭᠠᠷ ᠣᠳᠠᠭ᠎ᠠ ᠳᠡᠭᠦᠨ ᠢ ᠳᠠᠭᠤᠳᠠᠵᠤ ᠶᠠᠷᠢᠯᠴᠠᠬᠤ ᠳᠤ᠂ ᠳᠠᠷᠠ ᠪᠠᠰᠠᠯᠠ ᠣᠤᠯ ᠤᠨ ᠳᠠᠷᠠ ᠣᠢ᠌ᠰᠢᠶᠠᠮᠵᠢ ᠦᠭᠡᠶ ᠶᠠᠩᠵᠤ ᠪᠠᠨ ᠬᠠᠳᠠᠭᠠᠯᠠᠭᠰᠠᠭᠠᠷ ᠪᠠᠢ᠌ᠯ᠎ᠠ᠃ ᠪᠢ ᠳᠡᠭᠦᠨ ᠳᠤ᠄ 《ᠦᠨᠦᠳᠤᠷ ᠪᠠᠭᠰᠢ ᠨᠢ ᠦᠨᠡᠨ ᠰᠡᠳᠭᠢᠯ ᠡᠴᠠ ᠪᠠᠨ ᠴᠢᠮ᠎ᠠ ᠳᠤ ᠪᠣᠷᠤᠭᠤ ᠭᠦᠯᠢᠶᠡᠵᠤ ᠪᠠᠢ᠌ᠨ᠎ᠠ᠂ ᠣᠰᠤᠯ ᠪᠣᠯᠤᠯ᠎ᠠ︕ ᠥᠩᠭᠡᠷᠡᠭ᠍ᠰᠡᠨ ᠳᠤ ᠪᠠᠭᠰᠢ ᠨᠢ ᠴᠢᠮᠢ᠋ᠢ ᠥᠩᠭᠡᠷᠡᠤ ᠰᠠᠢ᠌ᠬᠠᠨ ᠬᠠᠯᠠᠮᠵᠢᠯᠠᠵᠤ ᠦᠵᠡᠵᠤ ᠴᠢᠳᠠᠭᠰᠠᠨ ᠦᠭᠡᠶ》 ᠭᠡᠰᠡᠨ ᠳᠤ᠂ ᠳᠠᠷᠠ ᠮᠦᠨᠴᠤ ᠳᠤᠤᠭᠠᠷᠤᠭᠰᠠᠨ ᠦᠭᠡᠶ᠂ ᠴᠢᠷᠠᠢ ᠳᠡᠭᠡᠷ᠎ᠡ ᠨᠢ ᠭᠡᠳ ᠶᠠᠮᠠᠷ ᠴᠤ ᠰᠡᠳᠬᠢᠯᠭᠡ ᠶᠢᠨ ᠢᠯᠠᠷᠠᠯ ᠬᠠᠷᠠᠭᠳᠠᠭᠰᠠᠨ ᠦᠭᠡᠶ᠃ ᠪᠢ ᠳᠠᠭᠢᠨ᠄ 《ᠬᠣᠢ᠌ᠰᠢᠳᠠ ᠪᠠᠨ ᠴᠢ ᠬᠠᠰᠢᠯᠠ ᠳᠠᠰᠬᠠᠯ ᠳᠠᠭᠠᠭᠠᠯᠭᠠᠪᠣᠷᠢ ᠪᠠᠨ ᠰᠠᠢ᠌ᠨ ᠪᠠᠶᠡᠯᠡᠭᠦᠯᠭᠦ ᠭᠡᠷᠡᠭ᠍ᠳᠡᠢ ᠰᠢᠤ᠂ ᠪᠢᠳᠡᠭᠡᠢ ᠯᠠ ᠰᠤᠷᠤᠯᠭ᠎ᠠ ᠶᠢᠨ ᠭᠢᠷᠢ ᠪᠦᠳᠦᠮᠵᠢ ᠪᠠᠨ ᠨᠥᠯᠦᠭᠡᠯᠡᠴᠢᠭᠡ ᠳ᠋ᠠ︕》 ᠭᠡᠰᠡᠨ ᠳᠤ᠂ ᠳᠠᠷᠠ ᠬᠠᠷᠢᠨ᠄ 《ᠪᠠᠭᠰᠢ ᠳᠠ ᠰᠡᠳᠭᠢᠯ ᠶᠢᠡᠨ ᠴᠢᠯᠡᠭᠡᠭᠦ ᠭᠡᠷᠡᠭ᠌ ᠦᠭᠡᠶ᠂ ᠳᠠᠷᠠ ᠪᠣᠯ ᠮᠢᠨᠤ ᠬᠤᠪᠢ ᠶᠢᠨ ᠣᠴᠢᠷ᠂ ᠭᠡᠷᠪᠡ ᠪᠣᠰᠤᠳ ᠣᠴᠢᠷ ᠪᠠᠢ᠌ᠬᠤ ᠦᠭᠡᠶ ᠪᠣᠯ ᠪᠢ ᠶᠠᠪᠣᠯ᠎ᠠ᠃》 ᠭᠡᠳ ᠥᠨᠡᠭᠡᠷ ᠶᠠᠪᠣᠭᠠᠤᠨ ᠥᠭ᠍ᠴᠢᠭᠡᠯ᠎ᠡ᠂ ᠳᠡᠷᠡᠭᠦ ᠊ᠭ᠍ᠱᠡᠨ ᠳᠤ ᠰᠡᠳᠭᠢᠯ ᠰᠢᠮᠰᠢᠷᠡᠭᠦ ᠭᠡᠭ᠍ᠴᠢ ᠶᠢ ᠶᠠᠭᠤ ᠲᠡᠶ ᠵᠥᠢᠷᠯᠡᠭᠦ ᠪᠢᠯᠠ ⁈
ᠮᠠᠨ ᠤ ᠪᠠᠭᠰᠢ ᠪᠣᠯᠤᠭᠰᠠᠤᠨ ᠯᠠᠪᠳᠠᠢ ᠢᠩᠭᠢᠭᠡᠳ ᠳᠤᠰ ᠰᠤᠷᠤᠭᠴᠢ ᠶᠢ ᠬᠠᠶᠠᠨ ᠳ᠋ᠤᠨᠢ ᠬᠠᠶᠠᠬᠤ ᠪᠠᠷ ᠦᠭᠡᠶ ᠶᠤᠮ᠃ ᠭᠤᠷᠪᠠᠳᠤᠭᠠᠷ ᠣᠳᠠᠭ᠎ᠠ ᠳᠡᠭᠦᠨ ᠢ ᠳᠠᠭᠤᠳᠠᠵᠤ ᠠᠪᠴᠢᠷᠠᠭᠠᠤᠨ ᠪᠢ᠄ 《ᠦᠨᠦᠳᠤᠷ ᠴᠢᠮᠢ᠋ᠢ ᠳᠠᠭᠤᠳᠠᠭᠰᠠᠨ ᠨᠢ ᠴᠢᠮ᠎ᠠ ᠪᠠᠷ ᠮᠢᠨᠤ ᠰᠠᠢ᠌ᠨ ᠲᠡᠶ ᠳᠠᠯ᠎ᠠ ᠶᠢ ᠶᠠᠷᠢᠭᠤᠯᠬᠤ ᠭᠡᠰᠡᠨ ᠶᠤᠮ》 ᠭᠡᠰᠡᠨ ᠳᠤ ᠳᠠᠷᠠ ᠬᠠᠷᠢᠭᠤ ᠦᠭᠡᠶ ᠪᠠᠢ᠌ᠯ᠎ᠠ᠂ ᠳᠡᠭᠦᠨ ᠤ ᠢᠩᠭᠢᠭᠦ ᠶᠢ ᠪᠢ ᠭᠢᠵᠢᠶᠠᠨᠠᠢ ᠮᠠᠳᠠᠵᠤ ᠪᠠᠢ᠌ᠭᠰᠠᠨ ᠪᠣᠯᠬᠤᠷ ᠪᠡᠯᠡᠳᠭᠡᠵᠤ ᠳᠠᠯᠪᠢᠭᠰᠠᠨ ᠪᠠᠳᠠᠭ ᠶᠢᠡᠨ ᠶᠠᠷᠢᠵᠤ ᠭᠠᠷᠤᠯ᠎ᠠ᠄ 《ᠪᠠᠭᠰᠢ ᠨᠢ ᠪᠢ ᠦᠨᠳᠦᠰᠦᠨ ᠳᠡᠭᠡᠨ ᠰᠠᠢ᠌ᠨ ᠪᠠᠭᠰᠢ ᠳᠤ ᠳᠤᠭᠠᠴᠢᠭᠳᠠᠨ᠎ᠠ᠂ ᠳᠠᠰᠬᠠᠯ ᠶᠢᠡᠨ ᠭᠢᠨᠠᠮᠠᠭᠠᠢ ᠵᠠᠰᠠᠳᠠᠭ᠂ ᠺᠤᠨᠰᠹᠧᠺᠲ᠋ ᠪᠠᠨ ᠨᠠᠷᠢᠯᠢᠭ ᠪᠡᠯᠡᠳᠭᠡᠳᠡᠭ᠌᠂ ᠭᠢᠴᠢᠶᠠᠯ ᠶᠢᠡᠨ ᠨᠠᠷᠢᠯᠢᠭ ᠳᠠᠢ᠌ᠯᠪᠣᠷᠢᠯᠠᠳᠠᠭ ᠪᠦᠭᠡᠳ ᠭᠡᠯᠡ ᠭᠡᠯᠡᠯᠭᠡ ᠭᠡᠳ ᠳᠤᠩ ᠶᠥᠮᠦᠷᠯᠢᠭ᠌ ᠪᠠᠢ᠌ᠵᠤ᠂ ᠵᠢᠭᠠᠨ ᠰᠤᠷᠭᠠᠯᠳᠠ ᠶᠢᠨ ᠭᠢᠷᠢ ᠪᠦᠳᠦᠮᠵᠢ ᠴᠤ ᠭᠡᠵᠢᠶᠡᠳᠡ ᠠᠳᠠᠯᠢ ᠠᠩᠭᠢ ᠨᠢᠭᠡᠴᠢ ᠶᠢᠨ ᠳᠤᠮᠳᠠ ᠪᠠᠨ ᠡᠮᠤᠨ᠎ᠡ ᠡᠩᠨᠡᠭᠡᠨ ᠳᠤ ᠣᠷᠤᠳᠠᠭ》 ᠭᠡᠵᠤ ᠶᠠᠭ ᠯᠠ ᠰᠤᠷᠤᠭᠴᠢ ᠨᠢ ᠪᠠᠭᠰᠢ ᠶᠢᠨ ᠶᠢᠡᠨ ᠡᠮᠤᠨ᠎ᠡ ᠴᠡᠭᠡᠵᠢᠯᠡᠭ᠍ᠰᠡᠨ ᠭᠢᠴᠢᠶᠠᠯ ᠳᠠᠭᠠᠭᠠᠯᠭᠠᠪᠣᠷᠢ ᠪᠠᠨ ᠣᠩᠰᠢᠵᠤ ᠥᠭ᠍ᠴᠤ ᠪᠠᠢ᠌ᠭ᠎ᠠ ᠰᠢᠭ ᠣᠷᠤᠰᠳᠠᠯ᠎ᠠ ᠶᠠᠷᠢᠵᠤ ᠦᠭᠭᠦ ᠳᠤ ᠳᠠᠷᠠ ᠠᠮᠠ ᠪᠠᠨ ᠪᠢᠳᠡᠭᠦᠯᠡᠨ ᠢᠨᠢᠶᠡᠭᠦ ᠳᠦᠷᠢ ᠭᠠᠷᠭᠠᠪᠠ᠃ ᠡᠨᠡ ᠦᠶ᠎ᠡ ᠪᠣᠯ ᠳᠡᠭᠦᠨ ᠤ ᠰᠡᠳᠭᠢᠯ ᠤᠨ ᠭᠦᠪᠴᠢ ᠶᠢ ᠳᠤᠷᠭᠢᠭᠤᠯᠬᠤ ᠬᠠᠮᠤᠭ ᠤᠨ ᠳᠤᠭᠢᠷᠠᠮᠵᠢᠳᠠᠢ ᠴᠠᠭ ᠭᠡᠭ᠍ᠴᠢ ᠶᠢ ᠪᠢ ᠮᠠᠳᠠᠵᠤ ᠪᠠᠢ᠌ᠯ᠎ᠠ᠃ ᠳᠡᠭᠡᠭᠡᠳ ᠪᠢ᠄ 《ᠭᠡᠯᠡᠯᠭᠡᠨ ᠦᠭᠡᠶ᠂ ᠰᠠᠢ᠌ᠨ ᠲᠡᠶ ᠳᠠᠯ᠎ᠠ ᠡᠴᠠ ᠭᠠᠳᠠᠨ᠎ᠠ ᠪᠠᠰᠠ ᠳᠤᠳᠠᠭᠳᠠᠯ ᠲᠡᠶ ᠳᠠᠯ᠎ᠠ ᠪᠠᠢ᠌ᠨ᠎ᠠ ᠰᠢᠤ ᠪᠠᠭᠰᠢ ᠳ᠋ᠤᠨᠢ᠂ ᠳᠠᠷᠠ ᠨᠢ ᠳᠠᠷᠤᠢ ᠰᠤᠷᠤᠭᠴᠢ ᠪᠦᠭᠦᠨ ᠢ ᠠᠳᠠᠯᠢᠬᠠᠨ ᠬᠠᠷᠭᠠᠯᠵᠠᠵᠤ ᠴᠢᠳᠠᠭᠰᠠᠨ ᠦᠭᠡᠶ᠂ ᠰᠤᠷᠤᠭᠴᠢ ᠶᠢᠨ ᠰᠡᠳᠭᠢᠯ ᠳᠤ ᠪᠠᠭᠰᠢ ᠶᠢ ᠥᠨᠡᠯᠡᠭᠦ ᠪᠠᠷᠢᠮᠵᠢᠶ᠎ᠠ ᠪᠠᠢ᠌ᠳᠠᠭ ᠲᠡᠶ ᠠᠳᠠᠯᠢ ᠪᠠᠷ ᠪᠠᠭᠰᠢ ᠶᠢᠨ ᠰᠡᠳᠭᠢᠯ ᠳᠤ ᠴᠤ ᠰᠤᠷᠤᠭᠴᠢ ᠶᠢ ᠥᠨᠡᠯᠡᠭᠦ ᠪᠠᠷᠢᠮᠵᠢᠶ᠎ᠠ ᠪᠠᠢ᠌ᠳᠠᠭ ᠭᠡᠭ᠍ᠴᠢ ᠶᠢ ᠴᠢ ᠮᠠᠳᠠᠨᠠᠤ︖》 ᠭᠡᠪᠠᠯ᠂ ᠳᠠᠷᠠ ᠲᠤᠢ᠌ᠯ ᠤᠨ ᠲᠦᠪ ᠭᠢᠨᠠᠮᠭᠠᠢ ᠪᠣᠯᠵᠤ᠂ ᠨᠠᠳᠠ ᠶᠢ ᠪᠦᠯᠳᠡᠢ᠌ᠨ ᠰᠢᠷᠳᠡᠭ᠍ᠰᠡᠭᠡᠷ ᠪᠠᠢ᠌ᠯ᠎ᠠ᠃ ᠪᠢ ᠴᠢᠨᠠᠭᠰᠢ᠄ 《ᠪᠠᠭᠰᠢ ᠴᠢᠨᠢ ᠪᠢ ᠰᠤᠷᠤᠭᠴᠢ ᠪᠣᠯᠭᠠᠨ ᠢ ᠭᠢᠴᠢᠶᠠᠯ ᠶᠢᠡᠨ ᠰᠠᠢ᠌ᠳᠤᠷ ᠣᠩᠰᠢᠵᠤ᠂ ᠳᠠᠰᠬᠠᠯ ᠶᠢᠡᠨ ᠭᠢᠨᠠᠮᠠᠭᠠᠢ ᠭᠦᠢᠴᠡᠳᠭᠡᠨ᠂ ᠭᠢᠴᠢᠶᠠᠯ ᠳᠡᠭᠡᠷ᠎ᠡ ᠵᠤᠷᠢᠭᠳᠠᠢ ᠪᠠᠷ ᠭᠠᠷ ᠡᠷᠭᠦᠨ ᠥᠭᠡ ᠶᠠᠷᠢᠵᠤ᠂ ᠶᠠᠮᠠᠷ ᠰᠠᠨᠠᠯ ᠪᠠᠢ᠌ᠪᠠᠯ ᠡᠷᠡᠭᠡ ᠵᠢᠷᠤᠭ᠎ᠠ ᠦᠭᠡᠶ ᠪᠠᠷ ᠪᠠᠭᠰᠢ ᠲᠡᠶ ᠬᠠᠷᠢᠴᠠᠵᠤ ᠶᠠᠷᠢᠯᠴᠠᠬᠤ ᠶᠢ ᠱᠠᠭᠠᠷᠳᠠᠳᠠᠭ᠃ ᠭᠡᠳᠡᠯ᠎ᠡ ᠠᠩᠭᠢ ᠳᠤᠳᠤᠷᠠᠭᠢ ᠰᠤᠷᠤᠭᠴᠢ ᠪᠣᠯᠭᠠᠨ ᠡᠭᠦᠨ ᠢ ᠪᠠᠶᠡᠯᠡᠭᠦᠯᠵᠤ ᠳᠡᠢ᠌ᠯᠭᠦ ᠦᠭᠡᠶ ᠪᠠᠢ᠌ᠨ᠎ᠠ᠂ ᠴᠢ ᠪᠠᠶᠡᠯᠡᠭᠦᠯᠵᠤ ᠳᠡᠢ᠌ᠯᠦᠭ᠍ᠰᠡᠨ ᠦᠦ︖》 ᠭᠡᠰᠡᠨ ᠳᠤ ᠳᠠᠷᠠ ᠨᠠᠳᠠ ᠥᠭᠡᠳᠡ ᠰᠢᠷᠳᠡᠭ᠍ᠰᠡᠭᠡᠷ ᠳᠤᠯᠤᠭᠠᠢ ᠪᠠᠨ ᠰᠠᠵᠢᠪᠠ᠃ ᠳᠡᠭᠦᠨ ᠤ ᠡᠨᠡᠭᠦ ᠢᠯᠠᠷᠠᠯ ᠨᠢ ᠳᠠᠷᠤᠢ ᠮᠢᠨᠤ ᠭᠡᠯᠡᠭ᠍ᠰᠡᠨ ᠥᠭᠡ ᠨᠤᠭᠦᠳ ᠢ ᠣᠢ᠌ᠯᠭᠠᠵᠠᠢ ᠭᠡᠰᠡᠨ ᠢ ᠢᠯᠡᠳᠭᠡᠵᠤ ᠪᠠᠢ᠌ᠯ᠎ᠠ᠃ ᠪᠢ ᠵᠠᠯᠭᠠᠭᠠᠤᠨ ᠪᠠᠰᠠ᠄ 《ᠪᠢᠳᠠ ᠭᠤᠸ᠎ᠠ ᠰᠠᠢ᠌ᠬᠠᠨ ᠤ ᠬᠠᠷᠠᠴᠠ ᠪᠠᠷ ᠣᠴᠢᠵᠤ ᠶᠢᠷᠳᠢᠠᠴᠤ ᠶᠢ ᠦᠵᠡᠵᠤ᠂ ᠭᠦᠮᠤᠨ ᠭᠢᠭᠡᠳ ᠭᠡᠷᠡᠭ᠌ ᠣᠴᠢᠷ ᠤᠨ ᠬᠤᠭᠤᠷᠤᠠᠳᠤᠭᠢ ᠬᠠᠷᠢᠴᠠᠭ᠎ᠠ ᠬᠤᠯᠪᠣᠭ᠎ᠠ ᠶᠢ ᠰᠢ᠌ᠳᠪᠦᠷᠢᠯᠡᠭᠦ ᠭᠡᠷᠡᠭ᠍ᠳᠡᠢ ᠪᠠᠢ᠌ᠳᠠᠭ᠂ ᠭᠡᠪᠠᠴᠤ ᠶᠠᠭᠤᠮ᠎ᠠ ᠪᠣᠯᠭᠠᠨ ᠳᠠᠢ᠌ᠮᠤ ᠪᠦᠷᠢᠨ ᠪᠦᠳᠤᠨ ᠪᠢᠰᠢ ᠭᠡᠭ᠍ᠴᠢ ᠶᠢ 〈ᠴᠤᠯᠤ ᠴᠠᠪᠠᠷ ᠠᠯᠳᠠ ᠪᠠᠢ᠌ᠬᠤ ᠦᠭᠡᠶ᠂ ᠪᠦᠷᠢᠨ ᠳᠡᠭ᠍ᠰᠢ ᠭᠦᠮᠤᠨ ᠪᠠᠢ᠌ᠬᠤ ᠥᠭᠡᠢ〉 ᠭᠡᠳᠡᠭ᠌ ᠡᠴᠠ ᠮᠠᠳᠠᠵᠤ ᠪᠣᠯᠤᠨ᠎ᠠ ᠰᠢᠤ ᠳ᠋ᠠ᠃ ᠵᠠᠷᠢᠮ ᠶᠠᠪᠣᠳᠠᠯ ᠴᠢᠨᠤ ᠰᠠᠨᠠᠭᠠᠨ ᠳᠤ ᠨᠡᠢ᠌ᠴᠡᠭᠦ ᠦᠭᠡᠶ ᠦᠶᠡᠰ ᠴᠢ ᠶᠠᠭᠠᠭᠢᠳᠠᠭ ᠪᠢᠯᠠ︖ ᠪᠢᠳᠠ ᠵᠠᠪᠠᠯ ᠬᠤᠶᠠᠷ ᠵᠣᠢ᠌ᠯ ᠤᠨ ᠠᠷᠭ᠎ᠠ ᠠᠪᠬᠤ ᠭᠡᠷᠡᠭ᠍ᠳᠡᠢ᠂ ᠨᠢᠭᠡ ᠨᠢ ᠠᠭᠤᠴᠢᠯᠠᠬᠤ ᠨᠥᠭᠦᠭᠡ ᠨᠢ ᠬᠠᠷᠢᠯᠴᠠᠨ ᠣᠢ᠌ᠯᠭᠠᠯᠴᠠᠬᠤ ᠪᠣᠯᠤᠨ᠎ᠠ᠂ ᠴᠢ ᠢᠩᠭᠢᠵᠤ ᠠᠭᠤᠷᠯᠠᠭᠠᠤᠨ ᠶᠠᠮᠠᠷ ᠠᠰᠠᠭᠤᠳᠠᠯ ᠰᠢ᠌ᠳᠪᠦᠷᠢᠯᠡᠭᠦ ᠪᠣᠢ ⁈》 ᠭᠡᠪᠠᠯ᠂ ᠳᠠᠷᠠ ᠳᠤᠯᠤᠭᠠᠢ ᠪᠠᠨ ᠭᠤᠳᠣᠢ᠌ᠵᠤ ᠳᠤᠭᠤᠢ ᠪᠠᠢ᠌ᠯ᠎ᠠ᠃
ᠪᠢ ᠳᠡᠭᠦᠨ ᠤ ᠳᠤᠯᠤᠭᠠᠢ ᠶᠢ ᠢᠯᠪᠢᠭ᠍ᠰᠡᠭᠡᠷ᠄ 《ᠪᠢᠳᠠᠨᠤᠰ ᠴᠤ ᠣᠯᠠᠨ ᠣᠳᠠᠭ᠎ᠠ ᠶᠠᠷᠢᠯᠴᠠᠨ ᠣᠢ᠌ᠯᠠᠭᠠᠯᠴᠠᠯᠠ᠂ ᠪᠠᠭᠰᠢ ᠨᠢ ᠨᠢᠭᠡᠨᠲᠡ ᠠᠯᠳᠠᠭ᠎ᠠ ᠪᠠᠨ ᠳᠠᠨᠢᠵᠤ ᠬᠠᠯᠠᠭᠰᠠᠨ ᠪᠠᠢ᠌ᠨ᠎ᠠ᠂ ᠴᠢ ᠬᠠᠷᠢᠨ ᠪᠠᠭᠰᠢ ᠶᠢᠨ ᠶᠢᠡᠨ ᠳᠡᠷᠡᠭᠦ ᠠᠯᠳᠠᠭ᠎ᠠ ᠪᠠᠷ ᠪᠠᠮᠪᠠᠢ ᠪᠣᠯᠭᠠᠵᠤ ᠦᠪᠡᠷ ᠢ ᠪᠠᠨ ᠪᠢᠳᠡᠭᠡᠢ ᠶᠠᠯᠠᠳᠠᠭᠠᠤᠨ ᠪᠠᠢ᠌ᠭᠠᠷᠠᠢ︕ ᠪᠠᠭᠰᠢ ᠰᠤᠷᠤᠭᠴᠢ ᠭᠡᠭ᠍ᠴᠢ ᠪᠣᠯ ᠭᠡᠵᠢᠶᠡᠳᠡ ᠰᠠᠢ᠌ᠨ ᠨᠠᠢ᠌ᠵᠠ ᠶᠤᠮ ᠰᠢᠤ︕》 ᠭᠡᠯᠡ᠃
ᠰᠡᠭᠦᠯ ᠤᠨ ᠣᠳᠠᠭᠠᠨ ᠤ ᠶᠠᠷᠢᠯᠴᠠᠭᠠᠨ ᠣᠢ᠌ᠯᠠᠳᠤᠯ ᠭᠠᠷᠴᠤ ᠪᠢᠳᠠᠨ ᠤ ᠬᠤᠭᠤᠷᠤᠠᠳᠤᠭᠢ ᠭᠤᠤ ᠰᠤᠵᠢᠭ ᠢ ᠨᠡᠪᠳᠡᠷᠡᠭᠦᠯᠦᠭ᠍ᠰᠡᠨ ᠪᠠᠢ᠌ᠵᠤ ᠮᠠᠳᠠᠨ᠎ᠡ᠂ ᠭᠡᠳᠤᠨ ᠡᠳᠦᠷ ᠤᠨ ᠳᠠᠷᠠᠭ᠎ᠠ ᠨᠢ ᠳᠤᠰ ᠰᠤᠷᠤᠭᠴᠢ ᠶᠢᠨ ᠵᠤᠬᠢᠶᠠᠨ ᠪᠢᠴᠢᠯᠭᠡ ᠶᠢᠨ ᠳᠠᠰᠬᠠᠯ ᠢ ᠬᠤᠷᠢᠶᠠᠨ ᠠᠪᠣᠯ᠎ᠠ᠃ ᠳᠡᠭᠦᠨ ᠳᠡᠭᠡᠷ᠎ᠡ ᠪᠠᠨ᠄ 《ᠪᠠᠭᠰᠢ ᠳᠠᠨ᠎ᠠ᠄ ᠳᠠᠨ ᠤ ᠬᠠᠯᠠᠰᠢᠷᠠᠯ ᠦᠭᠡᠶ ᠪᠠᠷ ᠭᠡᠯᠡᠵᠤ ᠰᠤᠷᠭᠠᠭᠰᠠᠨ ᠳᠤ ᠴᠢᠨᠢ ᠳᠠᠯᠠᠷᠬᠠᠵᠤ ᠪᠠᠢ᠌ᠨ᠎ᠠ᠂ ᠡᠳᠡᠭᠡᠷ ᠡᠳᠦᠷ ᠤᠳ ᠲᠤ ᠪᠢ ᠪᠣᠷᠤᠭᠤ ᠪᠠᠨ ᠳᠠᠨᠢᠵᠤ ᠣᠯᠪᠠ᠃ ᠳᠠᠨ ᠤ ᠭᠡᠯᠡᠭ᠍ᠰᠡᠨ ᠳᠠᠭᠠᠷᠠᠵᠤ ᠪᠠᠢ᠌ᠨ᠎ᠠ᠂ ᠭᠦᠮᠤᠨ ᠭᠡᠭ᠍ᠴᠢ ᠦᠪᠡᠷ ᠤᠨ ᠪᠠᠶ᠎ᠠ ᠳᠡᠭᠡᠨ ᠥᠩᠭᠡᠷᠡᠤ ᠵᠦᠪ ᠥᠭ᠍ᠴᠤ ᠪᠣᠯᠬᠤ ᠦᠭᠡᠶ᠂ ᠪᠣᠰᠤᠳ ᠲᠤ ᠬᠠᠠᠳᠤᠬᠤ ᠳᠠᠭᠠᠨ ᠠᠯᠢ ᠴᠢᠳᠠᠬᠤ ᠪᠠᠷ ᠠᠭᠤᠵᠢᠮ ᠪᠠᠢ᠌ᠵᠤ᠂ ᠪᠣᠰᠤᠳ ᠲᠡᠶ ᠢᠳᠠᠪᠭᠢᠳᠠᠢ ᠭᠦᠳᠡᠯᠦᠩᠭᠦᠢ ᠪᠠᠷ ᠬᠠᠷᠢᠴᠠᠵᠤ ᠰᠤᠷᠬᠤ ᠭᠡᠷᠡᠭ᠍ᠳᠡᠢ ᠶᠤᠮ ᠪᠠᠢ᠌ᠨ᠎ᠠ᠃ ᠳᠠᠨ ᠤ ᠥᠯᠡᠳᠡᠭᠡᠭ᠍ᠰᠡᠨ ᠳᠠᠰᠬᠠᠯ ᠢ ᠴᠢᠨᠢ ᠪᠢ ᠦᠨᠡᠨ ᠳᠡᠭᠡᠨ ᠴᠦᠮ ᠢ ᠪᠠᠶᠡᠯᠡᠭᠦᠯᠴᠢᠭᠡᠭ᠍ᠰᠡᠨ ᠰᠢᠤ᠂ ᠵᠥᠪᠭᠡᠨ ᠳᠠᠨ ᠳᠤ ᠳᠤᠰᠢᠶᠠᠭᠰᠠᠨ ᠦᠭᠡᠶ ᠳᠠᠳᠤᠢ᠃ ᠳᠠᠨ ᠤ ᠶᠠᠷᠢᠭᠰᠠᠨ ᠭᠢᠴᠢᠶᠠᠯ ᠤᠨ ᠠᠭᠤᠯᠭ᠎ᠠ ᠶᠢ ᠴᠦᠮ ᠢ ᠬᠤᠯᠠᠭᠠᠢ ᠪᠠᠷ ᠰᠤᠨᠤᠰᠤᠭᠰᠠᠨ ᠪᠦᠭᠡᠳ ᠭᠢᠴᠢᠶᠠᠯ ᠤᠨ ᠳᠠᠷᠠᠭ᠎ᠠ ᠪᠠᠰᠠ ᠳᠡᠮᠳᠡᠭᠯᠡᠯ ᠭᠢᠭ᠍ᠰᠡᠨ ᠪᠠᠢ᠌ᠨ᠎ᠠ᠃ ᠪᠢ ᠳᠠᠭᠢᠭᠠᠤᠨ ᠪᠣᠰᠤᠳ ᠤᠨ ᠠᠯᠳᠠᠭ᠎ᠠ ᠪᠠᠷ ᠪᠠᠶ᠎ᠠ ᠪᠠᠨ ᠵᠠᠯᠬᠠᠭᠠᠬᠤ ᠦᠭᠡᠶ ᠭᠡᠭ᠍ᠴᠢ ᠶᠢ ᠪᠠᠭᠰᠢ ᠳᠠᠨ ᠳᠠᠭᠠᠨ ᠠᠮᠠᠯᠳᠤᠶᠠ︕ ᠮᠦᠨᠴᠤ ᠪᠠᠭᠰᠢ ᠳᠠᠨ ᠲᠡᠶ ᠪᠠᠨ ᠰᠠᠢ᠌ᠨ ᠨᠠᠢ᠌ᠵᠠ ᠪᠣᠯᠤᠯᠴᠠᠶ᠎ᠠ︕》 ᠭᠡᠵᠤ ᠳᠠᠷᠢ ᠳᠡᠭ᠍ᠰᠢ ᠪᠢᠴᠢᠭ᠍ᠰᠡᠨ ᠪᠠᠢ᠌ᠯ᠎ᠠ᠃
ᠵᠤᠬᠢᠶᠠᠭᠴᠢ ᠶᠢᠨ ᠬᠠᠶᠢᠭ ᠄ ᠪᠠᠭᠠᠷᠢᠨ ᠪᠠᠷᠠᠭᠤᠨ ᠬᠤᠰᠢᠭᠤ
ᠵᠤᠬᠢᠶᠠᠭᠴᠢ᠄ ᠪᠠᠭᠠᠷᠢᠡᠴᠢᠮᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 3284
ᠴᠠᠭ᠄ 2010 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ