ᠨᠡᠪᠲᠡᠷᠡᠨ ᠤᠷᠤᠬᠤ
ᠬᠦᠬᠡ‍ᠨᠠᠭᠤᠷ ᠮᠢᠨᠢ ᠪᠠᠢ᠌ᠯ᠎ᠠ

ᠠᠭᠠᠷ ᠤᠨ ᠨᠠᠷᠠᠨ ᠤ ᠢᠯᠴᠢᠨ ᠳᠤ

ᠰᠢᠷᠭᠢᠵᠤ ᠬᠠᠳᠠᠭᠠᠤᠨ ᠦᠭᠡᠶ

ᠠᠪᠣ ᠶᠢᠨ ᠭᠦᠤ ᠶᠢᠨ ᠬᠠᠯᠠᠭᠤᠨ ᠰᠠᠤᠠᠭᠢᠯ ᠡᠴᠡ

ᠰᠠᠯᠵᠤ ᠵᠠᠢ᠌ᠯᠠᠵᠤ ᠬᠤᠯᠠᠳᠠᠭᠠᠤᠨ ᠦᠭᠡᠶ

ᠠᠷᠠᠤᠨ ᠣᠯᠠᠨ ᠤ ᠪᠠᠨ ᠠᠯᠠᠭ ᠮᠠᠯᠮᠠᠢ ᠳᠤ

ᠠᠰᠠᠵᠤ ᠳᠤᠳᠤᠷᠠᠵᠤ ᠪᠠᠢ᠌ᠭ᠎ᠠ ᠬᠦᠬᠡ‍ᠨᠠᠭᠤᠷ ᠮᠢᠨᠢ᠃

ᠬᠠᠭᠠᠷᠠᠬᠤ ᠦᠭᠡᠶ ᠪᠠᠳᠤ ᠢᠷᠤᠭᠠᠷ ᠲᠡᠶ

ᠬᠠᠢ᠌ᠯᠠᠬᠤ ᠦᠭᠡᠶ ᠪᠠᠭᠢ ᠮᠦᠰᠤ ᠲᠡᠶ

ᠣᠷᠭᠤᠮᠠᠯ ᠬᠠᠳᠠ ᠭᠦᠢᠰᠤ ᠲᠡᠶ

ᠣᠠᠳᠤᠷᠮᠠᠯ ᠳᠤᠩᠭ᠋ᠠᠯᠠᠭ ᠷᠠᠰᠢᠶᠠᠨ ᠲᠡᠶ

ᠠᠭᠤᠯᠠ ᠬᠠᠢ᠌ᠷᠬᠠᠨ ᠤ ᠴᠢᠮᠡᠭ᠌ ᠲᠡᠶ

ᠠᠭᠤᠷᠬᠠᠢ ᠭᠠᠷᠤᠯᠳᠠ ᠶᠢᠨ ᠪᠣᠯᠠᠭᠳᠠᠴᠠ ᠲᠡᠶ

ᠬᠠᠨ ᠬᠤᠷᠮᠤᠰᠳᠠ ᠶᠢᠨ ᠳᠦᠷᠢ ᠲᠡᠶ

ᠬᠠᠳᠠᠭᠤ ᠡᠷ᠎ᠡ ᠶᠢᠨ ᠵᠤᠷᠢᠭ ᠲᠡᠶ

ᠬᠠᠯᠠᠭᠤᠨ ᠰᠠᠤᠠᠭᠢᠯᠳᠤ ᠮᠤᠩᠭ᠋ᠤᠯ ᠤᠨ

ᠬᠠᠢ᠌ᠷᠠᠯᠠᠨ ᠳᠠᠭᠢᠬᠤ ᠰᠢᠳᠦᠭᠡᠨ︕

ᠳᠡᠪᠠᠷᠡᠭᠦ ᠰᠦ᠋ ᠶᠢᠨ ᠰᠠᠴᠤᠯᠢ ᠪᠣᠯᠤᠭᠰᠠᠨ

ᠳᠡᠭ᠍ᠵᠢᠷᠡᠭᠦ ᠣᠬᠠᠭᠠᠨ ᠤ ᠰᠤᠳᠤᠷ ᠪᠣᠯᠤᠭᠰᠠᠨ

ᠳᠡᠪᠢᠭᠦ ᠰᠢᠪᠠᠭᠤᠳ ᠤᠨ ᠳ᠋ᠸᠪᠠᠵᠠᠨ ᠪᠣᠯᠤᠭᠰᠠᠨ

ᠳᠡᠭᠡᠳᠤ ᠮᠤᠩᠭ᠋ᠤᠯ ᠤᠨ ᠰᠦᠨᠠᠰᠤ ᠪᠣᠯᠤᠭᠰᠠᠨ

ᠭᠠᠵᠠᠷ ᠣᠰᠤᠨ ᠤ ᠳᠠᠭᠢᠯ ᠨᠢ ᠴᠢ ᠪᠠᠢ᠌ᠯ᠎ᠠ

ᠭᠠᠢ ᠪᠠᠷᠴᠢᠳ ᠤᠨ (ᠲ᠋ᠠᠷᠨᠢ) ᠨᠢ ᠴᠢ ᠪᠠᠢ᠌ᠯ᠎ᠠ︕

ᠭᠠᠩᠳᠠᠬᠤ ᠪᠠᠢ᠌ᠭᠠᠯᠢ ᠶᠢᠨ ᠣᠮᠳᠠ ᠨᠢ ᠴᠢ ᠪᠠᠢ᠌ᠯ᠎ᠠ

ᠭᠠᠢ᠌ᠬᠠᠮᠰᠢᠭᠳᠤ ᠮᠤᠩᠭ᠋ᠤᠯ ᠤᠨ ᠰᠠᠭᠢᠭᠤᠯᠰᠤ ᠨᠢ ᠴᠢ ᠪᠠᠢ᠌ᠯ᠎ᠠ︕

ᠭᠦᠪᠠᠯᠵᠡᠭᠦ ᠬᠠᠢ᠌ᠷ᠎ᠠ ᠶᠢᠨ ᠮᠢᠨᠢ ᠣᠴᠢ

ᠭᠦᠭᠡ ᠮᠤᠩᠭ᠋ᠤᠯ ᠤᠨ ᠳᠡᠦᠭᠡ︕

ᠭᠦᠭᠡᠰᠦᠷᠡᠭᠦ ᠠᠢ᠌ᠷᠠᠭ ᠤᠨ ᠳᠡᠭᠡᠵᠢ ᠰᠢᠭ

ᠭᠦᠷᠪᠠᠭᠦ ᠦᠭᠡᠶ ᠮᠥᠩᠭᠡ ᠳᠠᠪᠠᠯᠭᠠᠯᠠᠬᠤ ᠳᠠᠯᠠᠢ

ᠬᠦᠬᠡ‍ᠨᠠᠭᠤᠷ ᠮᠢᠨᠢ ᠪᠠᠢ᠌ᠯ᠎ᠠ︕



ᠵᠤᠬᠢᠶᠠᠭᠴᠢ᠄ ᠪ᠊·ᠴᠡᠷᠡᠩᠨᠠᠮᠵᠢᠯ
ᠢᠷᠡᠯᠲᠡ᠄ ᠬᠦᠬᠡ‍ᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄ ᠰᠢᠯᠦᠭ
ᠳᠠᠷᠤᠮ᠄ 2634
ᠴᠠᠭ᠄ 2006 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ