ᠨᠡᠪᠲᠡᠷᠡᠨ ᠤᠷᠤᠬᠤ
ᠢᠷᠠᠭᠤ ᠨᠠᠢ᠌ᠷᠠᠭ ᠳᠡᠯᠭᠡᠷᠡᠳᠡᠭ᠌ ᠴᠡᠴᠡᠭ᠌
᠊᠊᠊᠊᠊᠊᠊᠊᠊᠊᠊᠊᠊᠊᠊ ᠰᠤᠷᠤᠯᠭ᠎ᠠ ᠶᠢᠨ ᠠᠠᠳᠠ ᠳᠤᠭᠴᠡᠴᠡᠭ᠌ ᠳᠤ

    

ᠡᠷᠡᠴᠦᠳ ᠪᠢᠳᠠᠨ ᠰᠢᠭ᠌

ᠦᠪᠡᠷ ᠢ ᠪᠠᠨ ᠮᠠᠭᠳᠠᠬᠤ ᠥᠭᠡᠢ

ᠣᠮᠤᠭᠯᠠᠩ ᠵᠠᠩ ᠭᠡᠵᠤ

ᠨᠠᠩ ᠴᠤ ᠪᠠᠢ᠌ᠬᠤ ᠦᠭᠡᠶ᠂

ᠣᠷᠠᠨ ᠴᠠᠴᠠᠨ ᠨᠠᠢ᠌ᠷᠠᠭ ᠶᠢᠡᠨ ᠪᠢᠴᠢᠴᠢᠭᠡᠭᠡᠳ

ᠣᠴᠢᠷ ᠦᠭᠡᠶ ᠶᠤᠮ ᠰᠢᠭ ᠳᠤᠭᠤᠢ ᠪᠠᠢ᠌ᠳᠠᠭ᠂

ᠡᠭᠡ ᠣᠷᠤᠨ ᠤ ᠪᠠᠨ ᠱᠠᠩᠨᠠᠯ ᠢ ᠳᠤᠰᠴᠢᠬᠠᠭᠠᠤᠨ

ᠡᠵᠢ ᠪᠠᠷ ᠶᠢᠡᠨ ᠥᠨᠦᠰᠦᠭᠦᠯᠦᠭ᠍ᠰᠡᠨ ᠰᠢᠭ᠌ ᠴᠢᠮᠡᠭᠡ ᠦᠭᠡᠶ ᠪᠠᠢ᠌ᠳᠠᠭ᠂

ᠢᠷᠠᠭᠤ ᠨᠠᠢ᠌ᠷᠠᠭ ᠪᠠᠷ ᠭᠦᠷᠦᠩᠭᠡᠰᠢᠨ

ᠢᠷᠠᠭᠤ ᠨᠠᠢ᠌ᠷᠠᠭ ᠪᠠᠷ ᠢᠰᠤᠵᠤ

ᠠᠢ᠌ᠷᠠᠭ ᠲᠤ ᠳᠤᠷᠠᠳᠠᠢ᠂ ᠮᠤᠩᠭ᠋ᠤᠯ ᠵᠢᠠᠨ

ᠨᠠᠢ᠌ᠷᠠᠭ ᠪᠠᠷ ᠰᠤᠭᠳᠤᠭᠠᠭᠰᠠᠨ ᠪᠦᠰᠡᠭᠦᠢ︕


ᠢᠷᠠᠭᠤ ᠨᠠᠢ᠌ᠷᠠᠭ ᠶᠢᠡᠷ ᠳᠡᠯᠭᠡᠷᠡᠭ᠍ᠰᠡᠨ ᠴᠡᠴᠡᠭ᠌ ᠭᠡᠵᠤ

ᠭᠦᠮᠦᠰ ᠴᠢᠮ᠎ᠠ ᠶᠢ ᠭᠡᠯᠡᠭᠦ ᠳ᠋ᠤ

ᠢᠷᠠᠭᠤ ᠨᠠᠢ᠌ᠷᠠᠭ ᠴᠢᠮ᠎ᠠ ᠡᠴᠡ ᠳᠡᠯᠭᠡᠷᠡᠯ᠎ᠡ ᠭᠡᠵᠤ

ᠪᠢ ᠬᠤᠪᠢᠨ ᠳᠠᠭᠠᠨ ᠪᠣᠳᠤᠳᠠᠭ ᠡ᠂

ᠣᠬᠠᠭᠠᠨ ᠤ ᠴᠢᠨᠢ ᠳᠤᠨᠤᠳᠠᠰᠤ ᠪᠠᠷ ᠣᠮᠳᠠᠯᠠᠵᠤ

ᠣᠷᠠᠨ ᠪᠢᠷ ᠡᠴᠡ ᠴᠢᠨᠢ ᠦᠨᠳᠦᠰᠦᠯᠠᠵᠤ

ᠠᠭᠤᠯᠠ ᠶᠢᠨ ᠵᠤ᠋ ᠰᠢᠭ ᠴᠠᠭᠠᠰᠤᠨ ᠳᠡᠭᠡᠭᠦᠷ

ᠢᠷᠭᠤᠢ ᠴᠡᠴᠡᠭ᠌ ᠰᠢᠭ᠌ ᠰᠢᠯᠦᠭ᠌ ᠳᠡᠯᠭᠡᠷᠡᠨ᠎ᠡ᠂


ᠳᠡᠷᠭᠡᠳᠡᠭᠦᠷ ᠨᠢ ᠥᠩᠭᠡᠷᠡᠭᠦ ᠪᠦᠭᠦᠨ

ᠨᠢᠳᠤ ᠪᠠᠨ ᠠᠨᠢᠭᠰᠠᠨ ᠴᠤ ᠬᠠᠷᠠᠭᠳᠠᠳᠠᠭ᠂

ᠳᠡᠯᠭᠡᠷ ᠮᠤᠩᠭ᠋ᠤᠯ ᠶᠢᠡᠨ ᠭᠤᠶᠤᠭᠰᠠᠨ

ᠨᠢᠭᠤᠬᠤ ᠶᠢᠨ ᠠᠷᠭ᠎ᠠ ᠦᠭᠡᠶ ᠴᠡᠴᠡᠭ᠌ ᠤᠳ

ᠴᠢᠮ᠎ᠠ ᠡᠴᠡ ᠵᠥᠩᠳᠡᠭᠡᠨ ᠳᠡᠯᠭᠡᠷᠡᠨ᠎ᠡ᠃


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12598
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ