☆ ᠫᠣ·ᠰᠠᠨᠠᠭᠠᠷᠠᠪᠣᠤ
ᠥ ᠲᠡᠶ ᠭᠠᠵᠠᠷ ᠢ ᠮᠢᠨᠢ ᠠᠭᠤᠴᠢᠯᠠ
ᠥᠭᠡᠳᠡ ᠪᠠᠨ ᠠᠰᠠᠬᠤ ᠳᠡᠭ᠍ᠷᠢᠯᠢᠭ᠌ ᠶᠡᠭᠡ ᠠᠭᠤᠯᠠᠰ ᠴᠤ
ᠦᠯᠮᠡᠢ ᠬᠤᠯᠭᠤᠭᠠᠬᠤ ᠦᠯᠡᠮᠵᠢ ᠶᠢᠨ ᠴᠢᠯᠠᠭᠤ ᠲᠡᠶ ᠶᠢ ᠰᠠᠨᠠᠵᠤ
ᠥ ᠲᠡᠶ ᠭᠠᠵᠠᠷ ᠢ ᠮᠢᠨᠢ ᠠᠭᠤᠴᠢᠯᠠ
ᠣᠷᠤᠭᠤ ᠪᠠᠨ ᠠᠰᠬᠠᠯᠠᠬᠤ ᠭᠡᠮᠡᠷᠯᠢᠭ᠌ ᠵᠥᠭᠡᠯᠡᠨ ᠭᠤᠷᠤᠬ᠎ᠠ ᠴᠤ
ᠮᠠᠯᠮᠠᠢ ᠭᠦᠯᠪᠦᠷᠢᠭᠦ ᠳᠠᠪᠠᠷᠠᠭᠠ ᠲᠡᠶ ᠶᠢ ᠰᠠᠨᠠᠵᠤ
ᠥ ᠲᠡᠶ ᠭᠠᠵᠠᠷ ᠢ ᠮᠢᠨᠢ ᠠᠭᠤᠴᠢᠯᠠ
ᠨᠠᠰᠤ ᠦᠨᠳᠦᠷ ᠪᠣᠯᠵᠤ ᠪᠠᠢ᠌ᠭ᠎ᠠ ᠠᠪᠣ ᠡᠵᠢ ᠮᠢᠨᠢ
ᠨᠢᠯᠬ᠎ᠠ ᠭᠦᠤ ᠶᠢᠨ ᠡᠷᠭᠡ ᠳᠤᠭᠤᠷᠢᠭ ᠡᠷᠭᠢᠵᠤ ᠪᠠᠢ᠌ᠭ᠎ᠠ
ᠵᠠᠪ ᠢ ᠮᠠᠨᠢ ᠮᠠᠷᠳᠠᠵᠤ ᠠᠭᠤᠴᠢᠯᠠ
ᠶᠠᠰᠤ ᠪᠠᠨ ᠠᠮᠠᠷᠭᠠᠭᠰᠠᠨ ᠡᠪᠦᠭᠡ ᠡᠮᠡᠭᠡ᠂ ᠳᠡᠭᠡᠳᠦᠰ ᠮᠢᠨᠢ
ᠬᠠᠩᠰᠢ ᠶᠢᠨ ᠡᠳᠦᠷ ᠯᠠ ᠰᠠᠴᠤᠯᠢ ᠡᠷᠭᠦᠵᠤ
ᠥᠭᠡᠢ᠌ᠯᠡᠳᠡᠭ᠌ ᠢ ᠮᠢᠨᠢ ᠠᠭᠤᠴᠢᠯᠠ
ᠣᠶᠠᠬᠠᠨ ᠽᠠᠮᠪᠣᠳᠢᠪ ᠤᠨ ᠡᠪᠦᠷ ᠳᠤᠳᠤᠷ᠎ᠠ
ᠠᠭᠤᠷᠯᠠᠬᠤ ᠪᠠᠶᠠᠷᠯᠠᠬᠤ ᠪᠠᠷ ᠲᠡᠩᠴᠡᠬᠦᠷᠢ ᠠᠯᠳᠠᠳᠠᠭ ᠢ ᠮᠢᠨᠢ ᠠᠭᠤᠴᠢᠯᠠ
ᠤᠶᠠᠩᠭ᠎ᠠ ᠶᠢᠨ ᠪᠣᠷᠬᠠᠨ ᠢ ᠵᠠᠯᠠᠬᠤ ᠯᠠ ᠭᠡᠵᠤ
ᠣᠬᠠᠭᠠᠯᠢᠭ ᠭᠡᠷᠭᠡᠢ ᠳᠡᠭᠡᠨ ᠣᠰᠤᠯ ᠠᠯᠳᠠᠵᠤ
ᠬᠠᠭᠤᠳᠠᠰᠤ ᠴᠠᠭᠠᠰᠤᠨ ᠳᠡᠭᠡᠷ᠎ᠡ ᠳᠤᠩᠭ᠋ᠣᠢ᠌ᠵᠤ ᠰᠠᠭᠤᠳᠠᠭ ᠢ ᠮᠢᠨᠢ ᠠᠭᠤᠴᠢᠯᠠ
ᠬᠠᠢ᠌ᠷ᠎ᠠ ᠭᠦᠷᠭᠦ ᠪᠠᠷ ᠶᠠᠭᠤᠮ᠎ᠠ ᠬᠤᠷᠸ᠎ᠠ ᠳᠤ ᠣᠯᠠᠨ
ᠬᠠᠶᠠ ᠰᠡᠳᠭᠢᠯ ᠡᠯᠭᠦᠭ᠍ᠳᠡᠭᠡᠳ ᠵᠥᠳᠡᠷᠡᠳᠡᠭ᠌ ᠢ ᠮᠢᠨᠢ ᠠᠭᠤᠴᠢᠯᠠ
ᠠᠷ ᠳᠤᠯᠭᠢᠶᠠᠠᠳᠠᠭᠰᠠᠨ ᠠᠮᠠᠷᠠᠭ ᠣᠰᠤᠨ
ᠠᠭᠠᠰᠢ ᠨᠢ ᠮᠡᠯᠮᠡᠷᠡᠭᠡᠳ ᠳᠤᠳᠤᠭᠠᠳᠤ ᠡᠩᠭᠡᠷ ᠣᠷᠤᠭᠤ ᠪᠠᠨ
ᠰᠢᠩᠭᠡᠳᠡᠭ᠌ ᠢ ᠰᠠᠨᠠᠵᠤ ᠠᠭᠤᠴᠢᠯᠠ᠃
1998.12
ᠵᠤᠬᠢᠶᠠᠭᠴᠢ ᠶᠢᠨ ᠬᠠᠶᠢᠭ ᠄ ᠪᠠᠷᠠᠭᠤᠨ ᠪᠠᠭᠠᠷᠢᠨ
ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2677
ᠴᠠᠭ᠄ 2010 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ