☆ ᠭᠦᠭᠡᠠ᠋ᠭᠤᠯᠠ
ᠪᠣᠯᠬᠤ ᠪᠣᠯᠬᠤ ᠦᠭᠡᠶ ᠭᠤᠷᠪᠠᠨ ᠮᠦᠷᠳᠤ ᠰᠢᠯᠦᠭ᠌
ᠡᠳ᠋ ᠭᠦᠷᠦᠩᠭᠡ ᠪᠠᠨ ᠦᠷᠠᠵᠤ ᠪᠣᠯᠤᠨ᠎ᠠ
ᠡᠷᠳᠡᠮ ᠣᠬᠠᠭᠠᠨ ᠶᠢᠡᠨ ᠡᠯᠡᠭ᠍ᠳᠡᠭᠦᠯᠵᠤ ᠪᠣᠯᠬᠤ ᠦᠭᠡᠶ
ᠡᠷᠢᠶᠡᠨ ᠬᠤᠷᠸ᠎ᠠ ᠳᠤ ᠢᠴᠢᠵᠤ ᠥᠭᠦᠨ᠎ᠡ
ᠠᠵᠢᠯ ᠠᠯᠪᠠ ᠪᠠᠨ ᠰᠤᠯᠢᠵᠤ ᠪᠣᠯᠤᠨ᠎ᠠ
ᠠᠵᠢᠯᠴᠢ ᠵᠠᠩ ᠶᠢᠡᠨ ᠬᠠᠯᠠᠵᠤ ᠪᠣᠯᠬᠤ ᠦᠭᠡᠶ
ᠠᠯᠳᠠᠨ ᠳᠡᠯᠡᠭᠡᠢ ᠳᠤ ᠭᠣᠢ᠌ᠷᠠᠠᠴᠢ ᠣᠯᠠᠳᠠᠨ᠎ᠠ
ᠠᠠᠳᠠ ᠨᠠᠢ᠌ᠵᠠ ᠣᠯᠠᠨ ᠪᠠᠢ᠌ᠵᠤ ᠪᠣᠯᠤᠨ᠎ᠠ
ᠠᠮᠠᠷᠠᠭ ᠭᠡᠷᠭᠡᠢ ᠬᠤᠶᠠᠷᠬᠠᠨ ᠪᠠᠢ᠌ᠵᠤ ᠪᠣᠯᠬᠤ ᠦᠭᠡᠶ
ᠠᠷᠤ ᠭᠦᠷᠢᠶᠡᠨ ᠳᠤ ᠴᠢᠨᠢ ᠳᠣᠢ᠌ᠮᠠᠷ ᠳᠡᠭ᠍ᠳᠡᠨ᠎ᠡ
ᠬᠠᠷᠢ ᠭᠠᠵᠠᠷ ᠶᠢᠡᠷ ᠠᠮᠢᠳᠤᠷᠠᠵᠤ ᠪᠣᠯᠤᠨ᠎ᠠ
ᠬᠤᠪᠢᠨ ᠤ ᠨᠤᠳᠤᠭ ᠶᠢᠡᠨ ᠭᠤᠯᠤᠵᠤ ᠪᠣᠯᠬᠤ ᠦᠭᠡᠶ
ᠬᠣᠢ᠌ᠰᠢ ᠡᠷᠭᠢᠭᠦ ᠵᠠᠮ ᠴᠢᠨᠢ ᠪᠦᠭᠯᠡᠷᠡᠨ᠎ᠡ
ᠰᠠᠢ᠌ᠨ ᠶᠠᠪᠣᠳᠠᠯ ᠢ ᠵᠠᠭᠤ ᠪᠦᠳᠦᠭᠡᠵᠤ ᠪᠣᠯᠤᠨ᠎ᠠ
ᠮᠠᠭᠤ ᠣᠢ᠌ᠯᠠ ᠶᠢ ᠨᠢᠭᠡ ᠪᠣᠳᠤᠵᠤ ᠪᠣᠯᠬᠤ ᠦᠭᠡᠶ
ᠮᠤᠭᠠᠢ ᠬᠤᠤᠷᠠᠨ ᠳᠤ ᠪᠠᠨ ᠰᠢᠷᠠᠯᠠᠨ᠎ᠠ
ᠳᠡᠭ᠍ᠷᠢ ᠪᠣᠷᠬᠠᠨ ᠢ ᠰᠢᠳᠤᠵᠤ ᠪᠣᠯᠤᠨ᠎ᠠ
ᠲᠦᠮᠡᠨ ᠨᠢᠳᠤ ᠲᠡᠶ ᠶᠢ ᠨᠢ ᠢᠳᠡᠭᠡᠵᠤ ᠪᠣᠯᠬᠤ ᠥᠭᠡᠢ
ᠳᠤᠭ᠎ᠠ ᠦᠭᠡᠶ ᠣᠯᠠᠨ ᠥᠢᠯᠡᠳᠦᠯᠭᠡ ᠭᠤᠮᠤᠳᠠᠨ᠎ᠠ
ᠡᠷᠭᠡ ᠰᠦᠷ ᠶᠢᠡᠨ ᠪᠠᠳᠠᠷᠠᠭᠤᠯᠵᠤ ᠪᠣᠯᠤᠨ᠎ᠠ
ᠡᠵᠡᠨ ᠶᠤᠰᠤ ᠶᠢ ᠭᠠᠵᠠᠭᠤᠳᠠᠭᠤᠯᠵᠤ ᠪᠣᠯᠬᠤ ᠦᠭᠡᠶ
ᠡᠷᠭᠡ ᠴᠢᠯᠦᠭᠡᠨ ᠤ ᠵᠢᠭᠦᠷ ᠬᠤᠭᠤᠷᠠᠨ᠎ᠠ
ᠠᠳᠤᠭᠤ ᠮᠠᠯ ᠶᠢᠡᠨ ᠭᠡᠭᠡᠵᠤ ᠪᠣᠯᠤᠨ᠎ᠠ
ᠠᠪᠣ ᠶᠢᠨ ᠨᠤᠳᠤᠭ ᠶᠢᠡᠨ ᠠᠯᠳᠠᠵᠤ ᠪᠣᠯᠬᠤ ᠦᠭᠡᠶ
ᠠᠩᠭ᠋᠎ᠠ ᠬᠡᠦᠬᠡᠳ ᠴᠢᠨᠢ ᠳᠡᠨᠦᠭᠦᠯᠴᠢ ᠪᠣᠯᠤᠨ᠎ᠠ
ᠡᠷᠭᠡ ᠵᠡᠷᠭᠡ ᠪᠠᠨ ᠬᠠᠶᠠᠵᠤ ᠪᠣᠯᠤᠨ᠎ᠠ
ᠡᠵᠡᠨ ᠣᠪᠣᠷ ᠶᠢᠡᠨ ᠳᠠᠶᠠᠭᠳᠠᠵᠤ ᠪᠣᠯᠬᠤ ᠦᠭᠡᠶ
ᠡᠭᠡ ᠣᠷᠤᠨ ᠴᠢᠨᠢ ᠡᠵᠡᠭᠦᠢ᠌ᠷᠡᠨᠡ
ᠳᠦᠷᠤ ᠣᠯᠤᠰ ᠶᠢᠡᠨ ᠠᠯᠳᠠᠵᠤ ᠪᠣᠯᠤᠨ᠎ᠠ
ᠳᠡᠦᠭᠡ ᠰᠤᠶᠤᠯ ᠶᠢᠡᠨ ᠮᠠᠷᠳᠠᠵᠤ ᠪᠣᠯᠬᠤ ᠦᠭᠡᠶ
ᠲᠦᠮᠡᠨ ᠦᠶ᠎ᠡ ᠭᠦᠮᠦᠰ ᠲᠤ ᠬᠠᠷᠢᠶᠠᠭᠳᠠᠨ᠎ᠠ
ᠵᠤᠬᠢᠶᠠᠭᠴᠢ ᠶᠢᠨ ᠬᠠᠶᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠭᠦᠭᠡᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ