ᠨᠡᠪᠲᠡᠷᠡᠨ ᠤᠷᠤᠬᠤ
ᠳᠠᠷᠠ ᠦᠳᠡᠰᠢ ᠶᠢᠨ ᠣᠷᠳᠤ ᠶᠢ ᠶᠠᠭᠠᠭᠢᠨᠠᠮ

ᠳᠠᠷᠠ ᠦᠳᠡᠰᠢ ᠶᠢᠨ ᠣᠷᠳᠤ ᠶᠢ ᠶᠠᠭᠠᠭᠢᠨᠠᠮ

ᠮᠤᠷᠢᠨ ᠳᠦᠪᠠᠷᠭᠡᠨ ᠴᠢᠩᠨᠠᠭᠰᠠᠨ ᠳᠤᠮᠤᠭ ᠤᠨ ᠪᠦᠰᠡᠭᠦᠢ ᠰᠢᠭ᠌

ᠰᠦᠨᠢᠵᠢᠨ ᠵᠥᠰᠡᠷᠡᠭᠦ ᠪᠣᠷᠤᠭᠠᠨ ᠤ ᠰᠢᠷᠭᠡᠭ᠌ ᠢ ᠳᠤᠭᠠᠯᠠᠮᠠᠷ ᠭᠠᠭᠴᠠᠭᠠᠷᠳᠠᠵᠤ

ᠮᠥᠩᠭᠡ ᠶᠢᠨ ᠪᠢᠰᠢ ᠵᠠᠶᠠᠭ᠎ᠠ ᠳᠠᠪᠢᠯᠠᠩ ᠳᠤ ᠪᠠᠨ ᠭᠤᠮᠤᠷᠬᠠᠵᠤ

ᠮᠦᠷᠦᠭᠡᠳᠦᠯ ᠤᠨ ᠭᠤᠨᠢᠭ ᠶᠢᠡᠷ ᠴᠠᠭ ᠤᠨ ᠵᠤᠯᠢᠶᠠᠰᠤᠨ ᠳᠤ ᠦᠷᠢᠳᠠᠵᠤ

ᠮᠠᠷᠭᠠᠰᠢ ᠶᠢ ᠵᠢᠷᠤᠭᠯᠠᠭᠰᠠᠨ ᠬᠠᠯᠠᠭᠤᠨ ᠵᠡᠭᠦᠳᠤ ᠪᠠᠨ

ᠨᠢᠯᠪᠣᠰᠤ ᠲᠡᠶ ᠳᠠᠷ᠎ᠠ ᠶᠢᠨ ᠶᠢᠡᠨ ᠬᠤᠨᠢᠶᠠᠰᠤᠨ ᠳᠤ ᠨᠢᠭᠤᠵᠤ

ᠮᠠᠷᠳᠠᠯ ᠶᠢᠡᠷ ᠭᠡᠯᠭᠢᠭ᠍ᠳᠡᠭ᠍ᠰᠡᠨ ᠣᠨ ᠰᠠᠷ᠎ᠠ ᠡᠴᠠ ᠭᠤᠮᠤᠳᠠᠯ ᠨᠡᠭᠡᠭ᠍ᠰᠡᠭᠡᠷ ᠁


ᠲ᠋ᠠᠷᠠ ᠦᠳᠡᠰᠢ ᠶᠢᠨ ᠣᠬᠤᠷ ᠢ ᠶᠠᠭᠠᠭᠢᠨᠠᠮ

ᠴᠠᠭ ᠤᠨ ᠣᠷᠤᠰᠬᠠᠯ ᠢ ᠬᠤᠮᠢᠵᠤ ᠴᠢᠮ᠎ᠠ ᠶᠢ ᠪᠢ ᠳᠠᠭᠤᠳᠠᠨ ᠵᠤᠭᠰᠤᠭᠠᠮᠠᠷ

ᠰᠠᠷᠠ ᠨᠠᠷᠠᠨ ᠤ ᠡᠭᠡᠯᠵᠢ ᠶᠢ ᠰᠤᠯᠢᠵᠤ ᠰᠠᠢ᠌ᠬᠠᠨ ᠣᠴᠠᠷᠠᠯ ᠶᠢᠡᠨ ᠠᠷᠭᠠᠮᠵᠢᠮᠠᠷ

ᠮᠢᠩᠭ᠋ᠠᠨ ᠠᠭᠤᠯᠠᠰ ᠢ ᠳᠠᠮᠵᠢᠭᠤᠯᠵᠤ ᠨᠠᠷ᠎ᠠ ᠪᠠᠷ ᠴᠢᠨᠢ ᠪᠢ ᠬᠠᠰᠭᠢᠷᠤᠮᠠᠷ

ᠮᠢᠨᠤᠭᠢ ᠪᠠᠢ᠌ᠭᠰᠠᠨ ᠠᠬᠤᠢ ᠶᠢ ᠴᠢᠨᠢ ᠠᠯᠠᠭᠠᠨ ᠵᠢᠷᠤᠭᠠᠰᠤᠨ ᠳᠠᠭᠠᠨ ᠬᠠᠳᠠᠭᠠᠯᠠᠮᠠᠷ

ᠡᠷᠭᠡᠯᠡᠨ ᠵᠢᠷᠬᠠᠭᠤ ᠶᠢᠨ ᠪᠣᠶᠠᠨ ᠳᠠᠭᠠᠳᠬᠠᠵᠤ ᠣᠳᠤᠳ ᠤᠨ ᠵᠥᠭ᠌ ᠵᠠᠯᠪᠠᠷᠢᠮᠠᠷ

ᠡᠩᠭᠡᠷ ᠤᠨ ᠴᠢᠨᠢ ᠨᠢᠭᠡᠨ ᠳᠤᠪᠴᠢ ᠪᠣᠯᠵᠤ

ᠡᠨᠡᠭᠡᠨ ᠨᠠᠰᠤ ᠪᠠᠨ ᠴᠢᠮ᠎ᠠ ᠲᠡᠶ ᠬᠠᠮᠳᠤ ᠡᠯᠡᠭᠡᠮᠡᠷ ᠁

      

    

      2011 ᠣᠨ ᠤ ᠵᠤᠨ 《ᠴᠠᠭᠠᠨ ᠮᠦᠷᠠᠨ》 ᠰᠡᠳᠭᠦᠯ ᠳᠤ ᠨᠡᠢ᠌ᠳᠡᠯᠡᠭ᠍ᠳᠡᠪᠡ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ