☆ ᠸᠠᠩᠴᠢᠨ ᠰᠠᠴᠠᠨ
ᠵᠢᠷᠢᠮ ᠭᠡᠳᠡᠭ᠌ ᠨᠠᠷᠠ ᠶᠢᠨ ᠢᠷᠠᠯᠳᠠ
ᠡᠷᠳᠡ ᠣᠷᠢᠳᠤ ᠶᠢᠨ ᠴᠠᠭ ᠲᠤ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠣᠢ᠌ᠳᠤ ᠵᠠᠬ᠎ᠠ᠂ ᠪᠣᠭᠳᠠ ᠠᠭᠤᠯᠠ ᠶᠢᠨ ᠳᠡᠷᠭᠡᠳᠡ ᠨᠢᠭᠡᠨ 《ᠳᠡᠭ᠍ᠷᠢ》 ᠲᠡᠶ ᠮᠥᠴᠡᠭᠡᠷᠭᠡᠭ᠍ᠰᠡᠨ ᠭᠠᠷᠮ᠎ᠠ ᠨᠠᠷᠠ ᠲᠡᠶ ᠡᠪᠦᠭᠡᠨ ᠪᠠᠢ᠌ᠵᠤ ᠭᠡᠨ᠎ᠡ᠃
ᠡᠨᠡ ᠡᠪᠦᠭᠡᠨ ᠵᠤᠨ ᠤ ᠯᠦᠪᠭᠢᠮᠠ ᠬᠠᠯᠠᠭᠤᠨ ᠳᠤ ᠮᠤᠩᠭ᠋ᠤᠯ ᠭᠡᠷ ᠤᠨ ᠡᠭᠦᠳᠡ ᠪᠠᠨ ᠬᠠᠭᠠᠭᠠᠵᠤ᠂ ᠨᠡᠭᠡᠢ ᠳᠠᠪᠠᠯ ᠡᠮᠦᠰᠤᠨ ᠦᠰᠦ ᠲᠡᠶ ᠮᠠᠯᠠᠭᠠᠢ ᠵᠡᠭᠦᠵᠤ᠂ ᠡᠮᠤᠨ᠎ᠡ ᠪᠠᠨ ᠬᠤᠪᠣᠩ ᠲᠡᠶ ᠭᠠᠯ ᠳᠠᠯᠪᠢᠴᠢᠬᠠᠭᠠᠳ ᠪᠠᠰᠠ ᠴᠠᠴᠠᠷᠠᠵᠤ ᠰᠠᠭᠤᠳᠠᠭ ᠭᠡᠨ᠎ᠡ᠃ ᠡᠪᠦᠯ ᠤᠨ ᠳᠠᠰᠭᠢᠮ᠎ᠠ ᠭᠦᠢᠳᠡᠨ ᠳᠤ ᠪᠣᠭᠳᠠ ᠠᠭᠤᠯᠠ ᠶᠢᠨ ᠠᠷᠤ ᠳᠠᠯ᠎ᠠ ᠳᠤ ᠣᠴᠢᠵᠤ᠂ ᠮᠠᠢ᠌ᠬᠠᠨ ᠤ ᠡᠭᠦᠳᠡ ᠶᠢ ᠰᠠᠯᠭᠢ ᠡᠰᠡᠷᠭᠦ ᠬᠠᠠᠳᠤᠭᠤᠯᠤᠨ ᠨᠡᠭᠡᠭᠡᠭᠡᠳ᠂ ᠳ᠋ᠠᠩ ᠴᠠᠮᠴᠠ ᠡᠮᠦᠰᠦᠭᠡᠳ ᠪᠠᠰᠠ ᠳᠡᠪᠢᠭᠦᠷ ᠠᠳᠬᠤᠨ ᠰᠡᠷᠢᠭᠦᠴᠡᠳᠡᠭ᠌ ᠭᠡᠨ᠎ᠡ᠃
ᠡᠪᠦᠭᠡᠨ ᠢᠩᠭᠢᠵᠤ ᠳᠡᠭ᠍ᠷᠢ ᠶᠢᠨ ᠵᠦᠢ᠌ ᠶᠢ ᠣᠢ᠌ᠰᠢᠶᠠᠬᠤ ᠦᠭᠡᠶ ᠳᠠᠪᠠ ᠪᠠᠷ ᠠᠮᠢᠳᠤᠷᠠᠵᠤ ᠪᠠᠢ᠌ᠳᠠᠯ᠎ᠠ ᠨᠢᠭᠡᠨ ᠡᠳᠦᠷ ᠬᠤᠷᠮᠤᠰᠳᠠ ᠳᠡᠭ᠍ᠷᠢ ᠮᠡᠳᠡᠭᠡᠳ᠄ 《ᠳᠤᠤᠷᠠᠳᠤ ᠶᠢᠷᠳᠢᠠᠴᠤ ᠶᠢᠨ ᠬᠠᠷ᠎ᠠ ᠳᠤᠯᠤᠭᠠᠢ᠌ᠳᠤ ᠠᠮᠢᠳᠠᠨ ᠭᠠᠯᠵᠠᠭᠤ ᠭᠠᠷᠮ᠎ᠠ ᠬᠠᠷᠢᠨ ᠮᠢᠨᠤ ᠵᠦᠢ ᠶᠤᠰᠤᠨ ᠡᠴᠠ ᠵᠦᠷᠢᠴᠡᠭᠦ ᠨᠢ ᠶᠠᠮᠠᠷ ᠠᠶᠤᠮᠰᠢᠭ ᠲᠡᠶ ᠪᠣᠢ ︖ ᠠᠶᠤᠩᠭ᠎ᠠ ᠪᠠᠭᠤᠯᠭᠠᠵᠤ ᠶᠠᠯᠠᠯᠠᠳᠤᠭᠠᠢ ︕》 ᠭᠡᠮᠡᠨ ᠵᠠᠷᠯᠠᠪᠠ᠃
ᠣᠳᠠᠯ ᠦᠭᠡᠶ ᠠᠭᠠᠷ ᠳᠡᠭ᠍ᠷᠢ ᠡᠭᠦᠯᠡᠳᠦᠭᠡᠳ ᠠᠶᠤᠩᠭ᠎ᠠ ᠶᠢᠨ ᠳᠠᠭᠤᠨ ᠨᠢᠵᠢᠭᠢᠨᠠᠵᠤ ᠡᠭᠢᠯᠡᠪᠡ᠃ ᠡᠪᠦᠭᠡᠨ ᠬᠠᠷᠢᠨ ᠵᠢᠭᠦᠷ ᠣᠷᠭᠤᠭᠰᠠᠨ ᠠᠯᠳᠠᠨ ᠰᠢᠷᠭᠠᠯ ᠳᠠᠭᠠᠨ ᠡᠮᠡᠭᠡᠯ ᠳᠤᠬᠤᠵᠤ᠂ ᠪᠠᠭ᠎ᠠ ᠰᠢᠷᠭᠠᠯ ᠶᠢᠡᠨ ᠭᠦᠳᠦᠯᠦᠭᠡᠳ ᠡᠮᠤᠨ᠎ᠡ ᠵᠥᠭ᠌ ᠳᠤᠳᠠᠭᠠᠭᠰᠠᠨ ᠭᠡᠨ᠎ᠡ᠃ ᠬᠤᠶᠠᠷ ᠭᠦᠯᠦᠭ᠌ ᠤᠨ ᠵᠢᠭᠦᠷ ᠡᠴᠠ ᠰᠠᠯᠭᠢ ᠳᠠᠳᠠᠵᠤ᠂ ᠬᠤᠷᠳᠤᠨ ᠳᠦᠷᠪᠠᠨ ᠳᠤᠭᠤᠷᠠᠢ ᠡᠴᠠ ᠨᠢ ᠭᠠᠯ ᠪᠠᠳᠠᠷᠠᠵᠤ᠂ ᠠᠭᠤᠯᠠ ᠬᠠᠳᠠ ᠶᠢ ᠰᠠᠳᠠ ᠰᠠᠳᠠ ᠴᠠᠪᠴᠢᠯᠠᠵᠤ᠂ ᠣᠰᠤ ᠮᠦᠷᠠᠨ ᠢ ᠰᠢᠪᠳᠤ ᠰᠢᠪᠳᠤ ᠬᠠᠷᠠᠢ᠌ᠯᠭᠠᠨ ᠳᠡᠭ᠍ᠷᠢ ᠨᠠᠷᠠ ᠶᠢ ᠪᠣᠳᠤᠩᠭ᠋ᠣᠢ᠌ᠷᠠᠳᠠᠯᠠ ᠳᠡᠯᠡᠭᠡᠢ ᠳ᠋ᠠᠭᠢᠨ ᠢ ᠳᠤᠩᠰᠤᠯᠭᠠᠨ ᠶᠠᠪᠣᠵᠤ ᠠᠳᠠᠯ᠎ᠠ ᠠᠰ ᠳᠡᠭᠡᠷ᠎ᠡ ᠡᠴᠠ ᠨᠢ ᠠᠶᠤᠩᠭ᠎ᠠ ᠨᠢᠷᠭᠢᠨ ᠪᠠᠭᠤᠪᠠ᠃
ᠭᠡᠳᠡᠯ᠎ᠡ ᠠᠯᠳᠠᠨ ᠰᠢᠷᠭᠠᠯ ᠬᠤᠶᠠᠷ ᠭᠦᠯᠦᠭ᠌ ᠠᠭᠠᠷ ᠤᠨ ᠰᠠᠯᠭᠢᠨ ᠲᠡᠶ ᠠᠳᠠᠯᠢ ᠬᠤᠷᠳᠤᠨ ᠭᠦᠶᠦᠭᠦ ᠳᠤᠯᠠ ᠠᠶᠤᠩᠭ᠎ᠠ ᠶᠢᠨ ᠭᠠᠯ ᠨᠢᠭᠡ ᠪᠠᠭᠤᠪᠠᠯ ᠨᠢᠭᠡ ᠪᠠᠷ ᠶᠢᠡᠨ ᠬᠤᠴᠤᠷᠳᠠᠭ ᠪᠠᠢ᠌ᠨ᠎ᠠ᠃ ᠢᠩᠭᠢᠵᠤ ᠳᠦᠷᠭᠡᠯᠡᠵᠤ ᠶᠠᠪᠤᠨ ᠪᠠᠢ᠌ᠳᠠᠯ᠎ᠠ ᠵᠠᠢ᠌ᠯᠠᠰᠢ ᠦᠭᠡᠶ ᠠᠶᠤᠯ ᠳᠠᠭᠠᠷᠠᠵᠤ᠂ ᠵᠠᠪᠰᠢᠶᠠᠨ ᠪᠣᠰᠤ ᠪᠠᠷ ᠣᠷᠰᠢᠭ ᠭᠠᠷᠴᠤ᠂ ᠶᠡᠭᠡ ᠰᠢᠷᠭᠠᠯ ᠤᠨ ᠡᠮᠡᠭᠡᠯ ᠤᠨ ᠬᠤᠶᠠᠷ ᠵᠢᠷᠢᠮ ᠤᠷᠢᠳ ᠬᠤᠵᠢᠳ ᠳᠠᠰᠤᠷᠠᠪᠠᠢ᠃
ᠡᠭᠦᠨ ᠳᠤ ᠬᠤᠵᠢᠮ ᠤᠨ ᠭᠦᠮᠦᠰ ᠵᠡᠭᠦᠨ ᠵᠢᠷᠢᠮ ᠣᠨᠠᠭᠰᠠᠨ ᠭᠠᠵᠠᠷ ᠢ ᠵᠡᠭᠦᠨ ᠵᠢᠷᠢᠮ ᠭᠡᠵᠤ᠂ ᠨᠥᠭᠦᠭᠡ ᠶᠢ ᠨᠢ ᠪᠠᠷᠠᠭᠤᠨ ᠵᠢᠷᠢᠮ ᠭᠡᠵᠡᠢ᠃
᠊᠊᠊᠊᠊᠊᠊᠊᠊᠊᠊᠊᠊᠊᠊ 《ᠵᠢᠷᠢᠮ ᠤᠨ ᠭᠠᠵᠠᠷ ᠤᠨ ᠨᠠᠷᠠ ᠶᠢᠨ ᠳᠤᠮᠤᠭ》 (ᠬᠤᠶᠠᠷ ᠮᠢᠩᠭ᠋ᠠᠨ ᠠᠷᠪᠠᠨ ᠣᠨ ᠤ ᠳᠦᠷᠪᠠᠳᠦᠭᠡᠷ ᠰᠠᠷ᠎ᠠ ᠳᠤ ᠭᠡᠪᠯᠡᠨ ᠳᠠᠷᠬᠠᠭᠠᠭᠰᠠᠨ ᠨᠤᠮ) ᠡᠴᠠ ᠰᠠᠢ᠌ᠯᠪᠣᠷᠢᠯᠠᠪᠠ
ᠵᠤᠬᠢᠶᠠᠭᠴᠢ ᠶᠢᠨ ᠬᠠᠶᠢᠭ ᠄ ᠠᠯᠠᠱᠠ ᠷᠠᠳᠢᠤ᠋ ᠬᠤᠷᠢᠶ᠎ᠠ
ᠵᠤᠬᠢᠶᠠᠭᠴᠢ᠄ ᠸᠠᠩᠴᠢᠨ ᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 2765
ᠴᠠᠭ᠄ 2011 ᠤᠨ ᠤ 10 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ