☆ ᠪᠠ᠊·ᠤᠶᠤᠨᠴᠡᠴᠡᠭ᠌
ᠪᠢ ᠭᠤᠴᠢ ᠭᠦᠷᠴᠢᠭᠡᠯᠡ
ᠪᠢ ᠭᠤᠴᠢ ᠭᠦᠷᠴᠢᠭᠡᠯᠡ
ᠪᠣᠳᠤᠪᠠᠯ ᠬᠠᠶᠠ ᠠᠶᠤᠬᠤ ᠶᠤᠮ
ᠳᠤᠯᠢᠨ ᠤ ᠡᠮᠦᠨ᠎ᠡ ᠳᠤᠯᠢᠳᠠᠬᠤ ᠶᠤᠮ
ᠭᠡᠷᠡᠯ ᠳᠠᠳᠠᠭᠰᠠᠨ ᠨᠢᠭᠤᠷ ᠮᠢᠨᠢ
ᠭᠢᠯᠪᠠᠭ᠎ᠠ ᠠᠯᠳᠠᠬᠤ ᠡᠴᠡ ᠠᠶᠤᠬᠤ ᠶᠤᠮ
ᠭᠤᠴᠢ ᠶᠢ ᠳᠡᠮᠳᠡᠭᠯᠡᠭ᠍ᠰᠡᠨ ᠳᠡᠮᠳᠡᠭ᠌ ᠪᠣᠯᠵᠤ
ᠠᠳᠤᠷᠢᠶ᠎ᠠ ᠨᠡᠮᠡᠭ᠍ᠳᠡᠭᠦ ᠡᠴᠡ ᠠᠶᠤᠬᠤ ᠶᠤᠮ
ᠪᠦᠰᠡᠭᠦᠢ ᠭᠦᠮᠤᠨ ᠤ ᠨᠠᠮᠪᠠ ᠣᠷᠤᠵᠤ
ᠥᠳᠡᠯᠭᠦ ᠡᠴᠡ ᠪᠠᠨ ᠥᠭᠦᠨ ᠠᠶᠤᠬᠤ ᠶᠤᠮ᠃
ᠪᠢ ᠭᠤᠴᠢ ᠭᠦᠷᠴᠢᠭᠡᠯᠡ
ᠡᠷᠭᠢᠴᠡᠭᠦᠯᠪᠠᠯ ᠬᠠᠶᠠ ᠢᠴᠢᠭᠦ ᠶᠤᠮ
ᠳᠤᠷᠠᠯᠠᠯ ᠭᠡᠵᠤ ᠰᠤᠯᠢᠶᠠᠷᠠᠭᠰᠠᠨ
ᠬᠤᠷᠢᠨ ᠨᠠᠰᠤ ᠪᠠᠨ ᠬᠠᠮᠢᠭ᠎ᠠ ᠭᠡᠭᠡᠭ᠍ᠰᠡᠨ ᠵᠢᠠᠨ
ᠡᠷᠢᠵᠤ ᠳᠠᠩᠳᠠ ᠳᠡᠡᠴᠢᠭᠦᠷᠡᠭᠦ ᠶᠤᠮ
ᠳᠠᠯ᠎ᠠ ᠶᠢᠨ ᠳᠠᠷᠠ ᠬᠠᠷᠭᠤᠢ
ᠬᠤᠷᠢᠨ ᠨᠠᠰᠤ ᠶᠢ ᠮᠢᠨᠢ ᠨᠢᠭᠤᠴᠢᠬᠠᠵᠠᠢ
ᠡᠷᠢᠵᠤ ᠶᠡᠷᠦᠳᠡᠭᠡᠨ ᠣᠯᠬᠤ ᠦᠭᠡᠶ ᠪᠣᠯᠵᠠᠢ
ᠡᠷᠭᠢᠵᠤ ᠢᠷᠡᠭᠦ ᠦᠭᠡᠶ ᠪᠣᠯᠵᠠᠢ᠃
ᠪᠢ ᠭᠤᠴᠢ ᠭᠦᠷᠴᠢᠭᠡᠯᠡ
ᠳᠤᠮᠤᠭᠠᠵᠢᠭᠰᠠᠨ ᠰᠢᠭ ᠰᠠᠨᠠᠭᠳᠠᠬᠤ ᠶᠤᠮ
ᠡᠵᠢ ᠳᠡᠭᠡᠨ ᠡᠷᠭᠡᠯᠡᠨ ᠳᠤᠨᠢᠷᠬᠠᠳᠠᠭ
ᠡᠷᠭᠡ ᠦᠬᠢᠨ ᠪᠢᠰᠢ ᠪᠣᠯᠵᠠᠢ
ᠦᠷ᠎ᠡ ᠪᠠᠨ ᠡᠩᠭᠦᠷᠡᠢ᠌ᠯᠡᠨ ᠪᠦᠪᠠᠢ᠌ᠯᠡᠳᠡᠭ᠌
ᠡᠵᠢ ᠭᠦᠮᠤᠨ ᠪᠣᠯᠵᠠᠢ
ᠦᠷ ᠶᠢᠡᠷ ᠡᠷᠦᠭᠡ ᠪᠠᠨ ᠳᠠᠳᠠᠳᠠᠭ
ᠡᠷᠦᠭᠡ ᠶᠢᠨ ᠡᠵᠡᠭ᠍ᠳᠡᠢ ᠪᠣᠯᠵᠠᠢ
ᠠᠮᠢᠳᠤᠷᠠᠯ ᠤᠨ ᠳᠡᠩᠭᠡᠯᠢᠭ᠌ ᠢ ᠳᠡᠩᠴᠡᠭᠦᠯᠭᠦ ᠭᠡᠵᠤ
ᠳᠠᠩᠳᠠ ᠵᠥᠳᠡᠷᠡᠳᠡᠭ᠌ ᠪᠣᠯᠵᠠᠢ᠃
ᠪᠢ ᠭᠤᠴᠢ ᠭᠦᠷᠴᠢᠭᠡᠯᠡ
ᠠᠮᠢᠳᠤᠷᠠᠯ ᠢ ᠣᠩᠰᠢᠵᠤ ᠴᠢᠳᠠᠬᠤ ᠪᠣᠯᠵᠠᠢ
ᠨᠢᠭᠤᠵᠤ ᠣᠨᠠᠭᠠᠭᠰᠠᠨ ᠨᠢᠯᠪᠣᠰᠤ ᠪᠠᠨ
ᠭᠦᠮᠤᠨ ᠳᠤ ᠥᠵᠡᠭᠦᠯᠦᠯ ᠥᠭᠡᠢ
ᠠᠷᠴᠢᠵᠤ ᠴᠢᠳᠠᠬᠤ ᠪᠣᠯᠵᠠᠢ
ᠪᠦᠳᠦᠷᠢᠵᠤ ᠣᠢ᠌ᠴᠢᠭᠰᠠᠨ ᠭᠦᠮᠤᠨ ᠢ
ᠡᠷᠭᠦᠭᠦ ᠶᠤᠰᠤ ᠶᠢ ᠮᠠᠳᠠᠵᠠᠢ
ᠨᠠᠮ᠎ᠠ ᠶᠢ ᠬᠠᠢ᠌ᠷᠠᠯᠠᠭᠰᠠᠨ ᠵᠢᠷᠦᠭᠡ ᠵᠢ
ᠬᠠᠢ᠌ᠷ᠎ᠠ ᠦᠭᠡᠶ ᠵᠥᠰᠦᠭᠦ ᠦᠭᠡᠶ ᠪᠣᠯᠵᠠᠢ᠃
ᠵᠤᠬᠢᠶᠠᠭᠴᠢ᠄ ᠪᠠ᠊·ᠤᠶᠤᠨᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3082
ᠴᠠᠭ᠄ 2009 ᠤᠨ ᠤ 08 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ