☆ ᠪᠠᠶᠠᠭᠤᠳ ᠳᠡᠭᠦᠦᠵᠡᠶᠠᠭ᠎ᠠ
ᠬᠠᠭᠤᠷᠳᠠᠵᠤ ᠠᠮᠢᠳᠤᠷᠠᠭᠰᠠᠨ ᠮᠢᠨᠢ ᠭᠤᠳᠤᠮᠰᠢᠭ
ᠪᠣᠳᠤᠭᠰᠠᠭᠠᠷ ᠪᠣᠳᠤᠭᠰᠠᠭᠠᠷ ᠪᠣᠭᠳᠤᠯᠠᠭᠠᠤᠨ ᠠᠪᠣᠯ᠎ᠠ
ᠪᠣᠳᠤᠯᠭ᠎ᠠ ᠵᠢᠷᠦᠭᠡᠨ ᠳᠤ ᠪᠠᠨ ᠰᠢᠩᠭᠡᠭᠡᠵᠤ ᠰᠠᠨᠠᠯ᠎ᠠ
ᠪᠣᠰᠤᠭ᠎ᠠ ᠭᠡᠷ ᠲᠤ ᠪᠠᠨ ᠳᠠᠭᠢᠨᠢ ᠰᠢᠭ ᠳᠠᠭᠢᠯ᠎ᠠ
ᠪᠣᠠᠳᠤᠭᠤᠷ ᠰᠠᠢ᠌ᠬᠠᠨ ᠭᠡᠦᠭᠡᠨ ᠲᠡᠶ ᠴᠤ ᠪᠣᠯᠤᠯ᠎ᠠ
ᠪᠣᠷᠤᠭᠠᠨ ᠲᠡᠶ ᠰᠦᠨᠢ ᠪᠣᠰᠤᠭᠠᠤᠨ ᠶᠠᠪᠣᠭᠰᠠᠨ ᠴᠢᠨᠤ ᠵᠢᠷᠦᠭᠡ ᠵᠢ
ᠪᠣᠯᠤᠳ ᠳᠠᠮᠤᠷ ᠶᠢᠡᠷ ᠳᠠᠪᠳᠠᠴᠢᠬᠠᠭᠰᠠᠨ ᠴᠤ ᠶᠤᠮ ᠦᠦ ᠳ᠋ᠠ᠃
ᠦᠪᠡᠷ ᠶᠢᠡᠨ ᠳᠤᠷᠠᠳᠠᠢ ᠴᠢᠮ᠎ᠠ ᠶᠢ ᠪᠢ ᠳᠠᠭᠠᠭᠠᠤᠨ ᠢᠷᠠᠯ᠎ᠠ
ᠡᠷᠦᠭᠡ ᠶᠢ ᠴᠢᠨᠢ ᠰᠡᠭᠦᠵᠤ ᠳᠤᠯᠭ᠎ᠠ ᠶᠢ ᠴᠢᠨᠢ ᠳᠤᠯᠤᠭᠠᠤᠨ ᠠᠷᠪᠠᠭᠠᠤᠨ ᠵᠢᠯ
ᠭᠦᠤ ᠲᠡᠶ ᠴᠤ ᠪᠣᠯᠤᠯ᠎ᠠ ᠭᠡᠦᠭᠡᠨ ᠲᠡᠶ ᠴᠤ ᠪᠣᠯᠤᠯ᠎ᠠ
ᠭᠦᠮᠤᠨ ᠡᠴᠠ ᠳᠤᠤᠷ᠎ᠠ ᠦᠭᠡᠶ ᠣᠠᠳᠤᠷᠤᠯ ᠲᠡᠶ ᠴᠤ ᠪᠣᠯᠤᠯ᠎ᠠ
ᠭᠦᠮᠤᠨ ᠤ ᠭᠢᠨ ᠳᠤ ᠭᠤᠷᠢᠯᠠᠭᠠᠤᠨ ᠭᠦᠭᠯᠡᠭᠡᠳ ᠶᠠᠪᠣᠭᠰᠠᠨ ᠴᠢᠨᠤ ᠵᠢᠷᠦᠭᠡ ᠵᠢ
ᠭᠦᠷᠡᠯ ᠳᠠᠮᠤᠷ ᠶᠢᠡᠷ ᠴᠢᠤᠠᠬᠤᠴᠢᠬᠠᠭᠰᠠᠨ ᠴᠤ ᠶᠤᠮ ᠦᠦ ᠳ᠋ᠠ᠃
ᠦᠷ᠎ᠡ ᠪᠠᠨ ᠭᠡᠪᠠᠯ ᠵᠢᠷᠦᠭᠡ ᠪᠠᠨ ᠥᠭ᠍ᠳᠡᠭ᠌ ᠡᠭᠡ ᠶᠢᠨ ᠬᠠᠢ᠌ᠷ᠎ᠠ ᠵᠢ
ᠡ᠊ᠨᠳᠡ ᠪᠢ ᠪᠢᠴᠢᠵᠤ ᠴᠢᠳᠠᠬᠤ ᠦᠭᠡᠶ ᠬᠠᠷᠠᠩᠭ᠋ᠤᠰᠴᠤ ᠪᠠᠢ᠌ᠨ᠎ᠠ
ᠡᠷᠭᠢᠵᠤ ᠰᠠᠨᠠᠭᠳᠠᠬᠤ ᠡᠴᠢᠭᠡ ᠶᠢᠨ ᠦᠨᠳᠦᠷ ᠠᠴᠢ ᠭᠠᠪᠢᠶ᠎ᠠ ᠵᠢ
ᠡᠭᠡᠰᠢᠭᠯᠡᠵᠤ ᠴᠢᠳᠠᠬᠤ ᠦᠭᠡᠶ ᠬᠤᠭᠤᠯᠠᠢ ᠮᠢᠨᠢ ᠵᠠᠩᠭᠢᠷᠠᠵᠤ ᠪᠠᠢ᠌ᠨ᠎ᠠ
ᠡᠩᠭᠡᠷ ᠲᠡᠶ ᠵᠢᠭᠤᠷᠠᠭᠰᠠᠨ ᠦᠷ᠎ᠡ ᠶᠢᠨ ᠶᠢᠡᠨ ᠬᠠᠯᠠᠭᠤᠨ ᠨᠢᠯᠪᠣᠰᠤ ᠵᠢ
ᠡᠭ᠍ᠴᠡᠯᠡᠵᠤ ᠴᠢᠳᠠᠬᠤ ᠦᠭᠡᠶ ᠬᠠᠷᠠᠭ᠎ᠠ ᠮᠢᠨᠢ ᠪᠠᠯᠠᠷᠠᠵᠤ ᠪᠠᠢ᠌ᠨ᠎ᠠ᠃
ᠦᠨᠦᠰᠴᠤ ᠪᠠᠢ᠌ᠭᠠᠤᠨ ᠭᠡᠯᠡᠭ᠍ᠰᠡᠨ ᠦᠴᠦᠭᠡᠳᠦᠷ ᠤᠨ ᠪᠠᠳᠤ ᠳᠠᠩᠭ᠋ᠠᠷᠢᠭ ᠢ ᠴᠢᠨᠢ
ᠦᠨᠡᠮᠰᠢᠵᠤ ᠶᠠᠪᠣᠭᠰᠠᠨ ᠳᠤ ᠪᠠᠨ ᠡᠯᠢᠭᠡ ᠮᠢᠨᠢ ᠡᠮᠳᠡᠷᠡᠵᠤ ᠪᠠᠢ᠌ᠨ᠎ᠠ
ᠡᠨᠡ ᠨᠠᠰᠤᠨ ᠤ ᠠᠮᠢᠳᠤᠷᠠᠯ ᠤᠨ ᠳᠦᠰᠢᠭ᠌ ᠬᠠᠨᠢ ᠭᠡᠵᠤ
ᠢᠳᠡᠭᠡᠵᠤ ᠨᠠᠢ᠌ᠳᠠᠭᠰᠠᠨ ᠳᠤ ᠪᠠᠨ ᠪᠣᠷᠤᠭᠤ ᠪᠠᠨ ᠳᠠᠨ ᠳᠤ ᠮᠠᠳᠠᠷᠠᠵᠤ ᠪᠠᠢ᠌ᠨ᠎ᠠ
ᠡᠷᠢᠶᠡᠨ ᠳᠤᠳᠤᠷ᠎ᠠ ᠲᠡᠶ ᠭᠦᠮᠤᠨ ᠤ ᠮᠦᠨ ᠴᠢᠨᠠᠷ ᠢ ᠴᠢᠨᠢ
ᠦᠵᠡᠵᠤ ᠭᠠᠷᠤᠭᠰᠠᠨ ᠦᠭᠡᠶ ᠳᠤ ᠪᠠᠨ ᠣᠰᠤᠯ ᠶᠢᠡᠨ ᠴᠢᠮ᠎ᠠ ᠳᠤ ᠭᠦᠯᠢᠶᠡᠵᠤ ᠪᠠᠢ᠌ᠨ᠎ᠠ᠃
ᠠᠮᠢᠳᠤᠷᠠᠯ ᠶᠢᠡᠷ ᠨᠠᠭᠠᠳᠳᠠᠭ ᠮᠦᠰᠤᠨ ᠵᠢᠷᠦᠭᠡᠳᠡᠨ ᠢ
ᠠᠰᠬᠠᠷᠠᠭᠰᠠᠨ ᠨᠢᠯᠪᠣᠰᠤ ᠬᠠᠢ᠌ᠯᠤᠭᠤᠯᠵᠤ ᠴᠢᠳᠠᠬᠤ ᠦᠭᠡᠶ ᠨᠢ ᠵᠦᠪ ᠪᠠᠢ᠌ᠨ᠎ᠠ
ᠠᠮᠢᠨ ᠤ ᠦᠷ᠎ᠡ ᠪᠠᠨ ᠬᠠᠶᠠᠭᠠᠤᠨ ᠶᠠᠪᠣᠭᠰᠠᠨ ᠭᠦᠮᠤᠨ ᠳ᠋ᠤ
ᠠᠮᠢᠳᠤᠷᠠᠭᠰᠠᠨ ᠣᠤᠠᠬ᠎ᠠ ᠪᠠᠢ᠌ᠨ᠎ᠠ ᠭᠡᠵᠤ ᠬᠤᠷᠸ᠎ᠠ ᠢᠳᠡᠭᠡᠭᠦ ᠥᠭᠡᠢ
ᠦᠷᠦᠭᠡᠯ ᠤᠨ ᠦᠷᠤᠴᠠᠨ ᠳᠤ ᠭᠢᠳᠤᠭ᠎ᠠ ᠳᠦᠷᠢᠳᠡᠭ᠌ ᠴᠢᠮ᠎ᠠ ᠳᠠᠢ
ᠦᠨᠡᠨ ᠬᠠᠢ᠌ᠷ᠎ᠠ ᠪᠠᠷ ᠬᠠᠭᠤᠷᠳᠠᠵᠤ ᠠᠮᠢᠳᠤᠷᠠᠭᠰᠠᠨ ᠮᠢᠨᠢ ᠭᠤᠳᠤᠮᠰᠢᠭ ᠁
ᠵᠤᠬᠢᠶᠠᠭᠴᠢ ᠶᠢᠨ ᠬᠠᠶᠢᠭ᠄ ᠳᠤᠩᠯᠢᠶᠤᠤ ᠬᠤᠳᠠ᠂ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠᠶᠠᠭᠤᠳ ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 09 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ