☆ ᠳᠤᠷᠵᠢ
ᠵᠡᠭᠡᠯᠢ ᠶᠢᠨ ᠵᠤᠳ
ᠳᠤᠮᠤ ᠥᠰᠦᠭ᠌ ᠶᠢᠡᠷ ᠭᠤᠶᠤᠯᠠᠨ ᠪᠢᠴᠢᠭᠡᠳ
ᠰᠤᠮᠤ ᠵᠢᠷᠤᠭᠠᠰᠤ ᠪᠠᠷ ᠪᠠᠶ᠎ᠠ ᠪᠠᠨ ᠵᠢᠭᠠᠭᠰᠠᠨ
ᠵᠠᠬ᠎ᠠ ᠳᠡᠯᠭᠡᠭᠦᠷ ᠤᠨ ᠨᠠᠷᠠᠢ᠌ᠳᠤᠯ ᠢ
ᠵᠦᠪ ᠪᠢᠴᠢᠳᠡᠭ᠌ ᠬᠠᠤᠯᠢ ᠲᠡᠶ ᠪᠢᠯᠠ᠃
ᠳᠡᠭᠡᠷ᠎ᠡ ᠪᠠᠨ ᠳᠠᠪᠢᠰᠭᠢᠷ ᠲᠡᠶ ᠳᠤᠩᠭ᠋ᠤᠷᠤᠤ ᠥᠰᠦᠭ᠌
ᠳᠡᠭᠡᠰᠤ ᠪᠠᠷ ᠣᠶᠠᠭᠰᠠᠨ ᠰᠢᠭ ᠬᠤᠭᠤᠷᠬᠠᠢ ᠥᠰᠦᠭ᠌
ᠳᠡᠭᠡᠳᠦᠰ ᠳᠠᠰᠢᠭᠰᠠᠨ ᠰᠢᠭ ᠳᠠᠯᠵᠢᠩ ᠥᠰᠦᠭ᠌
ᠳᠡᠭᠡᠷᠡᠮ ᠳᠤᠪᠳᠤᠯᠠᠭᠰᠠᠨ ᠰᠢᠭ ᠰᠠᠯᠪᠠᠷᠠᠬᠠᠢ ᠥᠰᠦᠭ᠌
ᠳᠢᠭ᠌ ᠶᠢᠡᠨ ᠬᠠᠢ᠌ᠭᠰᠠᠨ ᠳᠦᠷᠭᠡᠯᠦᠤ ᠥᠰᠦᠭ᠌
ᠳᠢᠳᠢᠮ ᠶᠢᠡᠨ ᠭᠡᠭᠡᠭ᠍ᠰᠡᠨ ᠨᠢᠴᠦᠭᠦᠨ ᠥᠰᠦᠭ᠌
ᠳᠢᠷᠠᠩ ᠳᠠᠪᠢᠷᠠᠭᠰᠠᠨ ᠵᠤᠭᠢᠴᠠᠯ ᠦᠭᠡᠶ ᠥᠰᠦᠭ᠌
ᠳᠦᠷᠤᠯ ᠬᠤᠪᠢᠷᠠᠭᠰᠠᠨ ᠣᠤᠠᠬ᠎ᠠ ᠦᠭᠡᠶ ᠥᠰᠦᠭ᠌ ᠁
ᠵᠡᠭᠡᠯᠢ ᠶᠢᠨ ᠵᠠᠷᠢᠮ ᠨᠠᠷᠠᠢ᠌ᠳᠤᠯ ᠳ᠋ᠤ
ᠵᠡᠮᠳᠡᠭ᠌ ᠬᠠᠷᠠᠭᠳᠠᠬᠤ ᠨᠢ ᠮᠠᠭᠤᠬᠠᠢ
ᠵᠡᠷᠭᠡᠴᠡᠭᠡ ᠣᠷᠤᠰᠢᠭᠰᠠᠨ ᠥᠰᠦᠭ᠌ ᠡᠴᠠ
ᠵᠡᠷᠭᠡ ᠪᠠᠭᠤᠭᠰᠠᠨ ᠨᠢ ᠬᠠᠷᠠᠮᠰᠠᠯᠳᠠᠢ ᠁
ᠭᠦᠭ᠍ᠵᠢᠶᠡᠨ ᠲᠡᠶ ᠬᠤᠳᠤᠯᠳᠠᠭᠠᠨ ᠤ ᠣᠷᠤᠯᠭ᠎ᠠ
ᠭᠦᠮᠦᠰ ᠲᠤ ᠶᠠᠮᠠᠷ ᠴᠤ ᠬᠠᠮᠢᠶ᠎ᠠ ᠥᠭᠡᠢ
ᠮᠤᠩᠭ᠋ᠤᠯ ᠥᠰᠦᠭ᠌ ᠢ ᠪᠣᠷᠤᠭᠤ ᠪᠢᠴᠢᠭᠡᠳ
ᠮᠤᠳᠤᠨ ᠳᠤ ᠡᠯᠭᠦᠵᠤ ᠪᠢᠳᠡᠭᠡᠢ ᠨᠠᠭᠠᠳᠤᠭᠤᠯ
ᠪᠣᠷᠬᠠᠨ ᠦᠷᠦᠰᠢᠶᠡᠭ᠍ᠰᠡᠨ ᠭᠦᠡᠳᠤ ᠶᠢ ᠨᠢ
ᠪᠣᠭᠳᠤᠯᠠᠨ ᠳᠠᠭᠢᠬᠤ ᠠᠯᠪᠠ ᠲᠡᠶ ᠪᠢ
ᠪᠣᠷᠤᠭᠤ ᠥᠰᠦᠭ᠌ ᠲᠡᠶ ᠳᠡᠯᠭᠡᠭᠦᠷ ᠳᠤ
ᠪᠣᠷᠤᠭᠤᠰᠢᠶᠠᠨ ᠭᠡᠯᠡᠳᠡᠭ᠌ ᠡᠷᠭᠡ ᠳᠠᠢ
ᠪᠣᠰᠤᠳ ᠤᠨ ᠰᠤᠶᠤᠯ ᠢ ᠭᠦᠡᠳᠦᠳᠭᠡᠭᠦ ᠨᠢ
ᠪᠣᠯᠪᠠᠰᠤᠨ ᠰᠤᠷᠳᠠᠯ ᠭᠡᠵᠤ ᠪᠢ ᠳᠠᠨᠢᠨ᠎ᠠ
ᠪᠣᠰᠤᠳ ᠶᠢᠡᠷ ᠰᠤᠶᠤᠯ ᠶᠢᠡᠨ ᠭᠦᠡᠳᠦᠯᠡᠭᠦᠯᠭᠦ
ᠪᠣᠳᠤᠯ ᠰᠠᠨᠠᠯ ᠮᠢᠨᠢ ᠵᠦᠪ ᠪᠠᠢ᠌ᠬ᠎ᠠ ᠪᠢᠵᠠ ⁉
ᠵᠤᠬᠢᠶᠠᠭᠴᠢ ᠶᠢᠨ ᠬᠠᠶᠢᠭ᠄ ᠰᠢᠠᠵᠢᠶᠰᠩ ᠬᠤᠪᠣᠭᠰᠠᠢ᠌ᠷᠢ ᠳᠡᠪᠠᠭᠡᠡᠤ᠋ᠰᠤᠨ
ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ