☆ ᠪᠣᠷᠵᠢᠭᠢᠨ ᠰᠦᠶ᠎ᠠ
ᠳᠤᠳᠠᠨ᠎ᠠ
ᠬᠤᠷ᠎ᠠ ᠳᠤᠳᠠᠨ᠎ᠠ
ᠳᠠᠯ᠎ᠠ ᠰᠢᠷᠠᠯᠠᠵᠤ
ᠠᠮᠢᠯᠠᠯ ᠨᠤᠭᠤᠭᠠᠨ ᠶᠢᠠᠷ ᠳᠤᠳᠠᠨ᠎ᠠ
ᠳᠠᠨᠠᠨ ᠴᠠᠭᠠᠨ ᠭᠡᠷ ᠤᠳ ᠬᠤᠯᠠᠳᠠᠵᠤ
ᠠᠷᠭᠠᠯ ᠤᠨ ᠣᠳᠤᠭ᠎ᠠ ᠭᠡᠪᠢᠯᠭᠡ ᠳᠤᠳᠠᠨ᠎ᠠ
ᠳᠠᠭᠤᠤ ᠳᠤᠳᠠᠨ᠎ᠠ
ᠪᠣᠷᠬᠠᠨ ᠬᠠᠯᠳᠤᠨ ᠡᠵᠡᠭᠦᠢ᠌ᠷᠡᠵᠤ
ᠪᠣᠭᠳᠠ ᠵᠢᠨ ᠲ᠋ᠠᠭᠤᠤᠷᠠᠢ ᠳᠤᠳᠠᠨ᠎ᠠ
ᠥᠡᠳᠦᠷᠯᠢᠭ᠌ ᠤᠨ ᠭᠦᠭᠡᠮᠡᠢ ᠨᠤᠲ᠋ ᠳᠠᠰᠤᠷᠠᠵᠤ
〈ᠴᠢᠩᠭᠢᠰ〉 ᠳᠠᠭᠤᠳᠤ ᠰᠢᠪᠠᠭᠤ ᠳᠤᠳᠠᠨ᠎ᠠ
ᠮᠤᠷᠢ ᠳᠤᠳᠠᠨ᠎ᠠ
ᠰᠥᠷᠦᠭ᠌ ᠰᠡᠢ᠌ᠷᠡᠭ᠍ᠵᠢᠵᠤ
ᠠᠭᠳᠠ ᠶᠢᠨ ᠳᠦᠪᠠᠷᠭᠡᠨ ᠳᠤᠳᠠᠨ᠎ᠠ
ᠮᠤᠷᠢᠳᠠᠨ ᠤ ᠵᠡᠭᠦᠳᠤ ᠣᠶᠠᠭᠠᠨ ᠳᠡᠭᠡᠷ᠎ᠡ ᠤᠷᠭᠠᠯᠠᠭᠳᠠᠵᠤ
ᠠᠳᠤᠭᠤᠳ ᠴᠢᠨ᠋ᠸ᠎ᠠ ᠪᠠᠷ ᠳᠤᠳᠠᠨ᠎ᠠ
ᠮᠠᠯᠮᠠᠢ ᠳᠤᠳᠠᠨ᠎ᠠ
ᠳᠡᠭ᠍ᠷᠢ ᠪᠦᠷᠭᠦᠢ᠌ᠵᠤ
ᠠᠯᠳᠠᠨ ᠭᠠᠳᠠᠰᠤ ᠭᠡᠷᠡᠯ ᠵᠢᠠᠷ ᠲ᠋ᠤᠳᠠᠨᠠ
ᠳᠤᠧᠨ ᠰᠤᠬᠤᠷ ᠤᠨ ᠭᠠᠭᠴᠠᠬᠠᠨ ᠨᠢᠳᠤ ᠲ᠋ᠤᠭᠵᠢᠷᠠᠵᠤ
ᠠᠷᠢᠭᠤᠨ ᠰᠥᠰᠦᠭ᠌ ᠴᠢᠭ᠍ᠯᠡᠯ ᠶᠢᠡᠷ ᠳᠤᠳᠠᠨ᠎ᠠ
ᠴᠢᠯᠠᠭᠤ ᠳᠤᠳᠠᠨ᠎ᠠ
ᠡᠯᠡᠰᠤ ᠰᠢᠭᠤᠷᠴᠤ
ᠡᠭᠡ ᠭᠠᠵᠠᠷ ᠡᠶ᠎ᠡ ᠵᠤᠭᠢᠴᠠᠯ ᠪᠠᠷ ᠳᠤᠳᠠᠨ᠎ᠠ
ᠣᠩᠭ᠋ᠤᠨ ᠣᠪᠣᠭ᠎ᠠ ᠰᠠᠴᠤᠯᠢ ᠪᠠᠷ ᠨᠢᠯᠪᠣᠰᠤᠷᠠᠵᠤ
ᠭᠦᠮᠤᠨ ᠴᠢᠯᠡᠭᠤ ᠳᠤᠯᠤᠭᠠᠢ ᠪᠠᠷ ᠳᠤᠳᠠᠨ᠎ᠠ
ᠰᠦᠯᠳᠡ ᠳᠤᠳᠠᠨ᠎ᠠ
ᠡᠷᠴᠢ ᠵᠤᠷᠢᠭ ᠵᠡᠭᠦᠷᠮᠡᠭᠯᠡᠵᠤ
ᠪᠦᠭᠡ ᠶᠢᠨ ᠦᠴᠢᠯ ᠳᠤᠳᠠᠨ᠎ᠠ
ᠡᠷᠡᠨ ᠵᠠᠭᠤᠨ ᠳᠤ ᠬᠠᠶᠠᠭᠳᠠᠭᠰᠠᠨ ᠥᠡᠳᠦᠷᠯᠢᠭ᠌
ᠪᠤᠰᠤᠭ᠎ᠠ ᠭᠡᠢ᠌ᠮᠦᠷᠢ ᠪᠠᠷ ᠳᠤᠳᠠᠨ᠎ᠠ
ᠵᠠᠮᠤᠬ᠎ᠠ ᠳᠤᠳᠠᠨ᠎ᠠ
ᠳᠡᠦᠭᠡᠨ ᠭᠦᠷᠳᠤ ᠴᠢᠯᠠᠭᠤᠵᠢᠵᠤ
ᠠᠠᠳᠠ ᠶᠢᠨ ᠳᠠᠩᠭ᠋ᠠᠷᠢᠭ ᠳᠤᠳᠠᠨ᠎ᠠ
ᠳᠡᠭ᠍ᠷᠢᠯᠢᠭ᠌ ᠣᠮᠤᠭ ᠪᠣᠳᠤᠩ ᠳᠤ ᠭᠦᠯᠴᠦᠭᠦᠷᠡᠵᠤ
ᠠᠯᠤᠨ ᠡᠭᠡ ᠶᠢᠨ ᠭᠦᠨ ᠣᠬᠠᠭᠠᠨ ᠳᠤᠳᠠᠨ᠎ᠠ
ᠳᠤᠳᠠᠨ᠎ᠠ ᠡ ᠳᠤᠳᠠᠨ᠎ᠠ
ᠮᠤᠩᠭ᠋ᠤᠯ ᠥᠰᠦᠭ᠌ ᠭᠡᠯᠡ ᠪᠠᠷ ᠳᠤᠳᠠᠵᠤ
ᠮᠤᠷᠢᠨ ᠨᠢᠷᠤᠭᠤ ᠪᠠᠭᠠᠳᠤᠷ ᠶᠢᠡᠷ ᠳᠤᠳᠠᠨ᠎ᠠ
ᠮᠤᠷᠢᠨ ᠬᠤᠭᠤᠷ ᠡᠭᠡᠰᠢᠭ᠌ ᠶᠢᠡᠷ ᠳᠤᠳᠠᠵᠤ
ᠮᠤᠩᠭ᠋ᠤᠯ ᠨᠤᠳᠤᠭ ᠭᠦᠤ ᠪᠠᠷ ᠳᠤᠳᠠᠨ᠎ᠠ
ᠳᠤᠳᠠᠵᠤ ᠳᠤᠳᠠᠵᠤ
ᠮᠤᠩᠭ᠋ᠤᠯ ᠤᠨ ᠳᠦᠯᠦᠭᠡ ᠭᠡᠳᠡᠭ᠌ ᠰᠠᠨᠠᠭ᠎ᠠ
ᠪᠢᠳᠠᠨ ᠤ ᠵᠢᠷᠦᠭᠡᠨ ᠳ᠋ᠤ ᠬᠤᠮᠰᠠᠳᠠᠵᠤ ᠳᠤᠳᠠᠨ᠎ᠠ ᠡ
ᠢᠠᠳᠠᠷ ᠵᠢᠷᠭᠤᠳᠤᠭᠠᠷ ᠳᠤᠮᠳᠠᠳᠤ ᠰᠤᠷᠭᠠᠭᠤᠯᠢ
(《ᠵᠢᠷᠢᠮ ᠤᠨ ᠣᠷᠠᠨ ᠵᠤᠬᠢᠶᠠᠯ》 ᠤᠨ 2009.2 ᠳᠤ ᠨᠡᠢ᠌ᠳᠡᠯᠡᠭ᠍ᠳᠡᠪᠡ)
ᠵᠤᠬᠢᠶᠠᠭᠴᠢ᠄ ᠪᠣᠷᠵᠢᠭᠢᠨ ᠰᠦᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2009 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ