ᠨᠡᠪᠲᠡᠷᠡᠨ ᠤᠷᠤᠬᠤ
ᠬᠠᠨᠢᠲᠠᠢ ᠬᠠᠳᠠᠨ ᠤ ᠳᠤᠮᠤᠭ

ᠭᠡᠵᠢᠶ᠎ᠡ ᠶᠤᠮ ᠪᠣᠤ ᠮᠠᠳᠠ ᠂ ᠶᠡᠭᠡ ᠡᠷᠳᠡ ᠡᠰᠡᠭᠦᠯ᠎ᠡ ᠥᠴᠦᠭᠡᠳᠦᠷᠭᠡᠨ ᠴᠤ ᠪᠠᠢ᠌ᠵᠤ ᠮᠠᠳᠠᠨ᠎ᠠ ᠃ ᠮᠢᠨᠤ ᠲᠦᠷᠦᠵᠤ ᠥᠰᠦᠭ᠍ᠰᠡᠨ ᠡᠨᠡᠭᠦ ᠠᠭᠤᠯᠠ ᠨᠢ ᠴᠢᠭ᠍ᠴᠢ ᠂ ᠣᠰᠤ ᠨᠢ ᠳᠤᠩᠭ᠋ᠠᠯᠠᠭ ᠂ ᠭᠦᠭᠡ ᠳᠡᠭ᠍ᠷᠢ ᠨᠢ ᠴᠡᠯᠮᠡᠭ᠌ ᠮᠤᠩᠭ᠋ᠤᠯ ᠨᠤᠳᠤᠭ ᠲᠤ ᠬᠠᠨᠢᠳᠠᠢ ᠪᠠᠭᠠᠳᠤᠷ ᠭᠡᠵᠤ ᠨᠢᠭᠡᠨ ᠡᠭᠡᠯ ᠪᠣᠷᠤ ᠮᠠᠯᠴᠢᠨ ᠤ ᠭᠦᠤ ᠂ ᠬᠠᠷᠢ ᠶᠢᠨ ᠳᠠᠢ᠌ᠰᠤᠨ ᠤ ᠬᠠᠳᠠᠭᠤ ᠳᠦᠷᠢᠮᠡᠭᠡᠢ᠌ᠯᠡᠯ ᠡᠴᠡ ᠬᠠᠢ᠌ᠷᠠᠳᠤ ᠡᠵᠢ ᠶᠢᠨ ᠶᠢᠡᠨ ᠰᠠᠭᠠᠯᠢ ᠲᠡᠶ ᠬᠤᠷᠮᠤᠢ ᠰᠢᠭ ᠨᠤᠳᠤᠭ ᠣᠰᠤ ᠪᠠᠨ ᠬᠠᠮᠠᠭᠠᠯᠠᠬᠤ ᠪᠠᠷ ᠡᠷᠡᠮᠡᠭᠡᠢ᠌ᠯᠡᠨ ᠳᠠᠮᠠᠴᠠᠵᠤ ᠪᠠᠢ᠌ᠵᠠᠢ ᠃

ᠰᠠᠷᠠ ᠦᠭᠡᠶ ᠪᠦᠷᠭᠦᠭ᠌ ᠨᠢᠭᠡᠨ ᠰᠦᠨᠢ ᠬᠠᠨᠢᠳᠠᠢ ᠪᠠᠭᠠᠳᠤᠷ ᠠᠷᠤ ᠭᠡᠷ ᠶᠢᠡᠨ ᠡᠷᠭᠢᠵᠤ ᠂ ᠠᠭᠰᠢᠷᠠᠭ᠎ᠠ ᠪᠣᠯᠤᠭᠰᠠᠨ ᠭᠦᠭᠡᠷᠦᠭᠦᠢ ᠡᠭᠡ ᠪᠠᠨ ᠥᠵᠡᠭᠡᠤᠨ ᠪᠣᠴᠠᠵᠤ ᠶᠠᠪᠣᠳᠠᠯ᠎ᠠ ᠠᠵᠠ ᠥᠭᠡᠢ᠌ᠳᠡᠵᠤ ᠳᠠᠢ᠌ᠰᠤᠨ ᠤ ᠭᠡᠳᠡᠭᠦᠯ ᠳᠤ ᠪᠠᠷᠢᠭᠳᠠᠵᠠᠢ᠃ ᠠᠭᠤᠯᠠᠨ ᠨᠤᠳᠤᠭ ᠤᠨ ᠶᠠᠰᠤ ᠬᠠᠳᠠᠭᠤ ᠡᠨᠡ ᠭᠦᠪᠠᠭᠦᠨ ᠢ ᠳᠠᠢ᠌ᠰᠤᠨ ᠨᠢ ᠶᠠᠩᠵᠤ ᠶᠢᠨ ᠠᠷᠭ᠎ᠠ ᠪᠠᠷ ᠳᠠᠷᠴᠢᠯᠭᠠᠨ ᠡᠷᠡᠭᠦᠦᠳᠡᠭ᠍ᠰᠡᠨ ᠪᠣᠯᠪᠠᠴᠤ ᠨᠤᠭᠤᠷᠠᠭᠤᠯᠵᠤ ᠴᠢᠳᠠᠭᠰᠠᠨ ᠦᠭᠡᠶ ᠳᠡᠭᠡᠨ ᠬᠤᠷᠤᠰᠴᠤ᠂  《ᠨᠤᠳᠤᠭ ᠲᠤ ᠪᠠᠨ ᠬᠠᠢ᠌ᠷᠠᠳᠠᠢ ᠭᠡᠳᠡᠭ᠌ ᠴᠢᠮᠠᠶ᠋ᠢ ᠨᠤᠳᠤᠭ ᠤᠨ ᠴᠢᠨᠢ ᠭᠦᠷᠦᠰᠤᠨ ᠳᠡᠭᠡᠷ᠎ᠡ ᠰᠡᠭ᠍ᠴᠢᠵᠤ ᠠᠯᠠᠨ᠎ᠠ》 ᠭᠡᠤᠨ ᠬᠠᠳᠠ ᠴᠢᠯᠠᠭᠤ ᠶᠡᠭᠡᠳᠡᠢ ᠳᠤᠯᠤᠭᠠᠨᠠᠳᠤ ᠶᠢᠨ ᠭᠠᠩᠭ᠋᠎ᠠ ᠡᠴᠡ ᠬᠠᠯᠠᠭᠠᠢ᠌ᠳᠤ ᠶᠢᠨ ᠳᠠᠯ᠎ᠠ ᠳᠤ ᠭᠦᠷᠳᠡᠯ᠎ᠡ ᠳᠤᠯᠤᠭᠠᠨ᠎ᠠ ᠶᠢᠨ ᠮᠤᠳᠤᠨ ᠳᠤᠮᠳᠠᠭᠤᠷ ᠂ ᠬᠠᠯᠠᠭᠠᠢ ᠰᠢᠷᠠᠯᠵᠢᠨ ᠤ ᠳᠡᠭᠡᠭᠦᠷ ᠮᠤᠷᠢ ᠪᠠᠷ ᠴᠢᠷᠦᠭᠦᠯᠵᠤ ᠬᠤᠷᠤᠭᠠᠭᠰᠠᠨ ᠭᠡᠨ᠎ᠡ ᠃ ᠣᠯᠠᠭᠠᠨ ᠴᠢᠰᠤ ᠨᠢ ᠣᠷᠤᠰᠤᠭᠰᠠᠨ ᠭᠠᠵᠠᠷ ᠲᠤ ᠨᠢ ᠣᠯᠠᠭᠠᠨ᠎ᠠ ᠣᠷᠭᠤᠵᠤ ᠳᠠᠷᠠ ᠨᠤᠳᠤᠭ ᠤᠨ ᠨᠠᠷ᠎ᠠ ᠨᠢ ᠪᠠᠶᠠᠨ ᠊᠊᠊᠊᠊᠊᠊᠊᠊᠊᠊᠊᠊᠊᠊ ᠣᠯᠠᠭᠠᠨ᠎ᠠ ᠭᠡᠳᠡᠭ᠌ ᠪᠣᠯᠤᠭᠰᠠᠨ ᠳᠤᠮᠤᠭ ᠲᠡᠶ᠃

ᠠᠤᠠᠬᠤ ᠶᠠᠰᠤ ᠡᠮᠭᠦ ᠴᠢᠰᠤ ᠪᠠᠨ ᠡᠭᠡ ᠨᠤᠳᠤᠭ ᠤᠨ ᠶᠢᠡᠨ ᠡᠯᠢᠭᠡᠨ ᠭᠦᠷᠦᠰᠤᠨ ᠤ ᠪᠠᠨ ᠳᠦᠯᠦᠭᠡ ᠰᠠᠴᠤᠭᠰᠠᠨ ᠪᠠᠭᠠᠳᠤᠷ ᠭᠦᠤ ᠶᠢᠨ ᠶᠢᠡᠨ ᠳᠦᠯᠦᠭᠡ ᠨᠤᠳᠤᠭ ᠤᠨ ᠭᠢᠨᠢ ᠳᠡᠭ᠍ᠷᠢ ᠳᠤᠯᠤᠭᠠᠨ ᠰᠦᠨᠢ ᠳᠤᠯᠤᠭᠠᠨ ᠡᠳᠦᠷ ᠮᠡᠭ᠍ᠰᠢᠨ ᠪᠣᠷᠤᠭᠠᠯᠠᠵᠤ ᠂ ᠣᠮᠪᠠᠵᠤ ᠥᠰᠦᠭ᠍ᠰᠡᠨ ᠭᠤᠤᠯ ᠭᠤᠷᠤᠬ᠎ᠠ ᠨᠢ ᠣᠶᠠᠷᠠᠯ ᠶᠢᠡᠨ ᠪᠠᠭᠳᠠᠭᠠᠵᠤ ᠶᠠᠳᠠᠨ ᠳᠤᠯᠤᠭᠠᠨ ᠰᠦᠨᠢ ᠳᠤᠯᠤᠭᠠᠨ ᠡᠳᠦᠷ ᠦᠶᠡᠷᠯᠠᠵᠤ ᠂ ᠣᠢ ᠭᠦᠪᠴᠢᠰ ᠨᠢ ᠳᠤᠯᠤᠭᠠᠨ ᠰᠦᠨᠢ ᠳᠤᠯᠤᠭᠠᠨ ᠡᠳᠦᠷ ᠭᠢᠩᠰᠢᠨ ᠱᠤᠤᠭᠢᠭᠰᠠᠨ ᠭᠡᠨ᠎ᠡ᠃ ᠬᠠᠨᠢᠳᠠᠢ ᠪᠠᠭᠠᠳᠤᠷ ᠤᠨ ᠰᠥᠭ᠌ ᠰᠦᠨᠠᠰᠤ ᠨᠤᠳᠤᠭ ᠣᠷᠤᠨ ᠶᠢᠡᠨ ᠠᠳᠠᠭᠠᠳᠠᠨ ᠤ ᠭᠠᠷ ᠡᠴᠡ ᠠᠪᠣᠷᠠᠵᠤ ᠴᠢᠳᠠᠬᠤ ᠦᠭᠡᠶ ᠪᠣᠯᠪᠠ ᠦᠦ⁈ ᠭᠡᠵᠤ ᠡᠷᠭᠢᠴᠡᠨ ᠬᠤᠷᠭᠤᠳᠠᠨ ᠳᠤᠯᠤᠭ᠎ᠠ ᠬᠤᠨᠤᠪᠠ ᠃ ᠳᠡᠭᠡᠳᠡᠯ᠎ᠡ ᠨᠤᠳᠤᠭ ᠤᠨ ᠰᠠᠭᠢᠭᠤᠰᠤ ᠡᠪᠦᠭᠡᠨ ᠪᠣᠭᠤᠷᠤᠯ ᠂ ᠪᠠᠭᠠᠳᠤᠷ ᠭᠦᠤ ᠶᠢᠨ ᠰᠦᠰᠦ ᠂ ᠶᠠᠰᠤ ᠶᠢ ᠪᠢᠰᠢᠷᠠᠨ ᠦᠷᠦᠪᠳᠤᠵᠤ ᠂ ᠭᠦᠰᠡᠯ ᠭᠢᠰᠠᠯ ᠳᠤ ᠨᠢ ᠣᠶᠠᠷᠠᠨ ᠄

᠊᠊᠊᠊᠊᠊᠊᠊᠊᠊᠊᠊᠊᠊᠊ ᠡᠨᠡᠷᠢᠯ ᠤᠨ ᠳᠡᠭ᠍ᠷᠢ ᠡᠮᠡᠭᠡᠨ ᠪᠣᠭᠤᠷᠤᠯ ᠡᠭᠡ ᠡᠴᠡ ᠪᠠᠨ ᠨᠠᠰᠤ ᠰᠦᠰᠦ ᠂ ᠮᠠᠬᠠᠪᠣᠤᠨ ᠰᠦᠯᠳᠡ ᠭᠤᠶᠤᠵᠤ ᠢᠷ᠎ᠠ ︕ ᠭᠡᠵᠤ ᠣᠬᠠᠭᠠᠷᠠᠭᠤᠯᠤᠨ ᠵᠢᠭᠠᠵᠠᠢ ᠃

ᠬᠠᠨᠢᠳᠠᠢ ᠪᠠᠭᠠᠳᠤᠷ ᠤᠨ ᠰᠦᠨᠠᠰᠤ ᠂ ᠪᠣᠯᠭᠤᠷᠠᠵᠤ ᠪᠠᠯᠪᠠᠷᠠᠨ ᠂ ᠰᠠᠴᠤᠭᠳᠠᠵᠤ ᠭᠡᠮᠭᠡᠷᠡᠭ᠍ᠰᠡᠨ ᠶᠠᠰᠤ ᠭᠦᠰᠤ ᠪᠠᠨ ᠳᠡᠭᠦᠵᠤ ᠂ ᠣᠷᠠᠭᠳᠠᠵᠤ ᠨᠠᠪᠳᠠᠷᠠᠭᠰᠠᠨ ᠠᠷᠠᠰᠤ ᠭᠦᠷᠦᠰᠤᠨ ᠳᠡᠭᠡᠨ ᠴᠤᠭᠯᠠᠵᠤ ᠪᠠᠭᠯᠠᠨ ᠂ ᠬᠠᠷᠴᠢᠭᠢᠨᠠᠭᠤᠯᠤᠨ ᠱᠠᠷᠴᠢᠭᠢᠨᠠᠭᠤᠯᠤᠨ ᠡᠭᠦᠷᠦᠭ᠍ᠰᠡᠭᠡᠷ ᠡᠭᠡ ᠶᠢᠨ ᠶᠢᠡᠨ ᠥᠮᠦᠭᠡᠷ ᠬᠠᠷ᠎ᠠ ᠪᠠᠢ᠌ᠰᠢᠩ ᠤᠨ ᠭᠠᠳᠠᠭ᠎ᠠ ᠭᠦᠷᠴᠡᠢ ᠃

ᠡᠨᠡᠷᠢᠯ ᠤᠨ ᠳᠡᠭ᠍ᠷᠢ ᠡᠭᠡ ᠪᠠᠨ ᠳᠤᠷᠠᠰᠤᠨ ᠭᠤᠷᠪᠠᠠᠳᠠ ᠰᠥᠭᠦᠷᠡᠵᠤ ᠂ ᠶ‍ᠢᠰᠤᠠᠳᠠ ᠮᠥᠷᠭᠦᠨ ᠮᠠᠬᠠᠪᠣᠤᠨ ᠰᠦᠯᠳᠡ ᠂ ᠠᠮᠢ ᠨᠠᠰᠤ ᠂ ᠠᠯᠳᠠᠨ ᠴᠤᠭᠴᠠᠰ ᠭᠤᠶᠤᠪᠠ ᠃ ᠮᠤᠩᠭ᠋ᠤᠯ ᠡᠭᠡ ᠭᠠᠳᠠᠭᠰᠢ ᠣᠷᠤᠰᠬᠤ ᠨᠢᠯᠪᠣᠰᠤ ᠪᠠᠨ ᠳᠤᠳᠤᠭᠰᠢ ᠵᠠᠯᠭᠢᠨ ᠬᠠᠢ᠌ᠷᠠᠳᠤ ᠦᠷ᠎ᠡ ᠶᠢᠨ ᠶᠢᠡᠨ ᠬᠠᠯᠠᠭᠤᠨ ᠠᠮᠢᠨ ᠤ ᠳᠦᠯᠦᠭᠡ ᠬᠠᠳᠠᠭᠤᠵᠢᠨ ᠬᠠᠳᠠᠭᠤᠵᠢᠨ ᠬᠠᠮᠤᠭ ᠬᠠᠢ᠌ᠷ᠎ᠠ ᠶᠢᠨ ᠣᠠᠳᠤᠷᠤᠮᠠᠯ ᠪᠣᠯᠠᠭ ᠵᠥᠭᠡᠯᠡᠨ ᠴᠠᠭᠠᠨ ᠭᠦᠭᠦᠨ ᠳᠡᠭᠡᠨ ᠵᠢᠷᠦᠭᠡᠨ ᠤ ᠬᠠᠯᠠᠭᠤᠨ ᠴᠢᠰᠤ ᠪᠠᠨ ᠢᠪᠢᠯᠭᠡᠵᠤ ᠭᠦᠤ ᠳᠡᠭᠡᠨ ᠭᠦᠭᠦᠭᠦᠯᠦᠭᠡᠤᠨ ᠰᠠᠭᠤᠭᠰᠠᠨ ᠣᠷᠤᠨ ᠳᠠᠭᠠᠨ ᠮᠥᠩᠭᠡᠷᠡᠵᠡᠢ ᠃

ᠮᠤᠩᠭ᠋ᠤᠯ ᠡᠭᠡ ᠶᠢᠨ ᠵᠢᠷᠦᠭᠡᠨ ᠴᠢᠰᠤ ᠪᠠᠷ ᠳᠠᠭᠢᠨ ᠠᠮᠢᠯᠠᠭᠰᠠᠨ ᠪᠠᠭᠠᠳᠤᠷ ᠭᠦᠤ ᠨᠢ ᠬᠠᠳᠠᠨ ᠪᠣᠯᠤᠨ ᠮᠥᠩᠭᠡᠷᠡᠭ᠍ᠰᠡᠨ ᠡᠭᠡ ᠪᠠᠨ ᠡᠭᠦᠷᠴᠤ ᠪᠣᠭᠳᠠ ᠠᠭᠤᠯᠠ ᠶᠢᠨ ᠡᠩᠭᠡᠷ ᠲᠤ ᠵᠠᠯᠠᠭᠠᠤᠨ ᠂ ᠡᠷᠭᠢᠵᠤ ᠬᠠᠷᠢᠨ ᠬᠠᠷᠢ ᠶᠢᠨ ᠳᠦᠷᠢᠮᠡᠭᠡᠢ᠌ᠴᠦᠳ ᠢ ᠳᠠᠯᠪᠠ ᠳᠠᠭᠠᠷᠢᠨ ᠬᠤᠪᠬᠤ ᠴᠤᠭᠢᠵᠤ ᠡᠷᠭᠢᠭᠦ ᠪᠠᠷ᠎ᠠ ᠦᠭᠡᠶ ᠪᠣᠯᠳᠠᠯ᠎ᠠ ᠭᠦᠭᠡᠭᠡᠵᠡᠢ ᠃

ᠬᠠᠨᠢᠳᠠᠢ ᠪᠠᠭᠠᠳᠤᠷ ᠳᠠᠢ᠌ᠰᠤᠨ ᠶᠢᠡᠨ ᠳᠠᠷᠤᠵᠤ ᠳᠠᠷᠬᠠᠨ ᠴᠤᠯᠠ ᠪᠠᠨ ᠣᠯᠤᠭᠰᠠᠨ ᠤ ᠳᠠᠷᠠᠭ᠎ᠠ ᠡᠭᠡ ᠨᠤᠳᠤᠭ ᠲᠠᠭᠠᠨ ᠪᠣᠴᠠᠵᠤ ᠡᠭᠡ ᠶᠢᠨ ᠡᠨᠡᠷᠢᠯ ᠬᠠᠢ᠌ᠷ᠎ᠠ ᠶᠢᠨ ᠬᠠᠷᠢᠭᠤ ᠮᠥᠷᠭᠦᠵᠤ ᠂ ᠡᠭᠡ ᠬᠠᠳᠠᠨ ᠤ ᠡᠮᠦᠨ᠎ᠡ ᠰᠥᠭᠦᠳᠤᠨ ᠰᠠᠭᠤᠭᠰᠠᠭᠠᠷ ᠮᠥᠩᠭᠡᠷᠡᠵᠡᠢ ᠃

ᠨᠤᠳᠤᠭ ᠤᠨ ᠮᠢᠨᠢ ᠪᠣᠭᠳᠠ ᠠᠭᠤᠯᠠ ᠶᠢᠨ ᠡᠮᠦᠨ᠎ᠡ ᠡᠩᠭᠡᠷ ᠲᠤ ᠡᠭᠡ ᠬᠠᠳᠠ ᠭᠡᠵᠤ ᠥᠷᠦᠭᠡᠰᠤᠨ ᠭᠦᠯ ᠳᠡᠭᠡᠷ᠎ᠡ ᠪᠠᠨ ᠰᠥᠭᠦᠷᠡᠵᠤ ᠂ ᠥᠷᠦᠭᠡᠰᠤᠨ ᠭᠠᠷ ᠶᠢᠡᠷ ᠶᠢᠡᠨ ᠭᠦᠭᠦ ᠪᠠᠨ ᠪᠠᠷᠢᠵᠤ ᠦᠷ᠎ᠡ ᠶᠢᠨ ᠠᠮᠠᠨ ᠳᠤ ᠦᠭ‍ᠭᠦ ᠭᠡᠰᠡᠨ ᠮᠠᠳᠤ ᠴᠡᠭᠡᠵᠢ ᠪᠠᠨ ᠣᠷᠤᠭᠰᠢ ᠳᠦᠷᠢᠭ᠍ᠰᠡᠨ ᠭᠦᠮᠤᠨ ᠬᠠᠳᠠ ᠪᠠ ᠳᠡᠭᠦᠨ ᠤ ᠡᠮᠦᠨ᠎ᠡ ᠳᠠᠯ᠎ᠠ ᠳᠤ ᠰᠥᠭᠦᠳᠤᠨ ᠰᠠᠭᠤᠭᠰᠠᠨ ᠪᠦᠷᠢᠨ ᠬᠤᠶᠠᠭ ᠲᠡᠶ ᠴᠡᠷᠢᠭ᠌ ᠡᠷ᠎ᠡ ᠶᠢᠨ ᠭᠡᠯᠪᠠᠷᠢᠳᠡᠢ ᠬᠠᠨᠢᠳᠠᠢ ᠬᠠᠳᠠ ᠭᠡᠵᠤ ᠪᠠᠢ᠌ᠳᠠᠭ ᠶᠤᠮ ᠃ ᠠᠭᠤᠯᠠᠨ ᠨᠤᠳᠤᠭ ᠤᠨ ᠭᠦᠪᠠᠭᠦᠤᠨ ᠶᠠᠰᠤ ᠬᠠᠳᠠᠭᠤ ᠂ ᠴᠢᠰᠤ ᠬᠠᠯᠠᠭᠤᠨ ᠪᠠᠢ᠌ᠳᠠᠭ ᠨᠢ ᠡᠢ᠌ᠮᠤ ᠣᠴᠢᠷᠳᠠᠢ ᠠᠵᠠᠢ ᠃


ᠵᠤᠬᠢᠶᠠᠭᠴᠢ᠄ ᠲ·ᠬᠤᠷᠴᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9164
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ