ᠨᠡᠪᠲᠡᠷᠡᠨ ᠤᠷᠤᠬᠤ
ᠡᠮᠧ
᠊᠊᠊᠊᠊᠊᠊᠊᠊᠊᠊᠊᠊᠊᠊ ᠬᠠᠢ᠌ᠷᠠᠳᠤ ᠡᠵᠢ ᠶᠢᠨ ᠶᠢᠡᠨ ᠳᠤᠷᠠᠳᠬᠠᠯ ᠳ᠋ᠤ

      

ᠭᠦᠭᠡᠷᠦᠭᠦᠢ ᠡᠮᠧ ᠶᠢᠨ ᠪᠠᠨ ᠰᠤᠭᠤᠨ ᠳ᠋ᠤ

ᠮᠦᠰᠤ ᠰᠢᠭ᠌ ᠭᠠᠷ ᠶᠢᠡᠨ ᠰᠢᠷᠭᠤᠭᠤᠯᠴᠢᠬᠠᠭᠠᠤᠨ

ᠭᠦᠢᠳᠡᠨ ᠪᠠᠷᠠᠭᠠᠨ ᠰᠦᠨᠢ ᠵᠢ

ᠵᠤᠨ ᠰᠢᠭ ᠥᠩᠭᠡᠷᠡᠭᠦᠯᠳᠡᠭ᠌ ᠶᠢᠡᠨ ᠰᠠᠨᠠᠬᠤ ᠳ᠋ᠤ

ᠠᠳᠢᠭᠠᠷ ᠳᠤᠷᠠᠩᠬᠠᠢ ᠴᠤ ᠭᠡᠯ᠎ᠡ

ᠰᠤᠭᠤᠨ ᠳᠤ ᠪᠠᠨ ᠨᠠᠷᠠ ᠲᠡᠶ ᠡᠮᠧ ᠮᠢᠨᠢ

ᠠᠯᠳᠠᠨ ᠳᠡᠯᠡᠭᠡᠢ ᠶᠢ ᠪᠠᠭᠳᠠᠭᠠᠴᠢᠬᠠᠬᠤ

ᠣᠷᠴᠢᠯᠠᠩ ᠮᠢᠨᠢ ᠪᠠᠢ᠌ᠭᠰᠠᠨ ᠢ ᠶᠠᠭᠠᠭᠢᠶ᠎ᠠ ᠡ︕

ᠵᠢᠮᠪᠣᠷ ᠪᠦᠮᠪᠦᠷ ᠮᠥᠮᠥ ᠨᠢ

ᠰᠠᠨᠠᠬᠤ ᠶᠢᠨ ᠳᠤᠭᠠᠯᠠᠩ ᠶᠢᠡᠷ ᠰᠢᠮᠰᠢᠭ᠍ᠨᠡᠭᠦ

ᠵᠢᠷᠦᠭᠡ ᠣᠷᠤᠭᠤ ᠨᠢ ᠬᠠᠳᠬᠤᠭᠤᠯᠳᠠᠭ

《ᠡᠪᠡᠳᠴᠢᠨ》 ᠨᠢ ᠪᠢ ᠯᠠ ᠪᠠᠢ᠌ᠭᠰᠠᠨ ᠶᠤᠮ ᠳ᠋ᠠ

ᠵᠡᠭᠦᠳᠤ ᠨᠣᠢ᠌ᠷ ᠤᠨ ᠶᠢᠡᠨ ᠳᠤᠳᠤᠷ᠎ᠠ

ᠥᠵᠡᠭ᠍ᠳᠡᠭᠡᠳ ᠡᠷᠭᠡᠯᠡᠭᠦ ᠭᠦᠤ ᠶᠢᠨ ᠵᠢᠠᠨ

ᠵᠡᠭᠦᠨ ᠪᠠᠷᠠᠭᠤᠨ ᠬᠠᠴᠠᠷ ᠳᠡᠭᠡᠷ᠎ᠡ ᠨᠢ

ᠥᠨᠦᠰᠦᠭᠡᠳ ᠠᠮᠠᠷᠠᠯ᠎ᠠ ᠭᠡᠵᠤ ᠶᠠᠷᠢᠳᠠᠭ ᠰᠠᠨ


ᠬᠠᠢ᠌ᠳᠠᠭ ᠭᠤᠯᠤᠩᠬᠠᠢ ᠠᠮᠢᠳᠤᠷᠠᠯ ᠳ᠋ᠤ

ᠦᠨᠦᠴᠢᠷᠠᠵᠤ ᠳᠦᠭᠡᠷᠢᠯ᠎ᠡ ᠭᠡᠪᠠᠯ

ᠬᠠᠢ᠌ᠯᠳᠠᠭ ᠡᠨᠡᠷᠢᠳᠡᠭ᠌ ᠰᠡᠳᠭᠢᠯ ᠢ

ᠦᠷᠦᠭᠡᠯ ᠡᠴᠠ ᠭᠤᠶᠤᠭᠠᠤᠨ ᠴᠤ ᠣᠯᠬᠤ ᠦᠭᠡᠶ ᠨᠢ ᠰᠢᠤ ︕

ᠬᠠᠵᠠᠭᠠᠢ ᠭᠢᠰᠭᠢᠭ᠍ᠰᠡᠨ ᠬᠤᠷᠸ᠎ᠠ ᠵᠢᠨ

ᠬᠠᠭᠠᠯᠭ᠎ᠠ ᠨᠢ ᠳᠠᠩᠳᠠ ᠪᠠᠨ ᠦᠷᠦᠭᠡᠰᠤ ᠲᠡᠶ ᠴᠤ

ᠬᠠᠢ᠌ᠷᠠᠯᠠᠭᠠᠤᠨ ᠥᠨᠦᠰᠳᠡᠭ᠌ ᠡᠮᠧ ᠮᠢᠨᠢ

ᠬᠠᠵᠠᠭᠤᠬᠠᠨ ᠳᠤ ᠯᠠ ᠪᠠᠢ᠌ᠪᠠᠯ ᠠᠯᠵᠠᠬᠤ ᠦᠭᠡᠶ ᠨᠢ ᠳ᠋ᠠ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠦᠮᠤᠴᠢᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠭᠤᠮᠪᠤᠰᠦ᠋ᠷᠦᠡᠭ᠌ ᠤᠨ ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2758
ᠴᠠᠭ᠄ 2011 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ