☆ ᠷᠤᠯᠮᠠᠵᠠᠪ
ᠴᠠᠰᠤ
ᠵᠠᠷᠢᠮᠳᠤᠭ ᠪᠦᠷᠦᠢ ᠶᠢᠨ ᠡᠷᠡᠮᠳᠡᠭ᠌ ᠭᠡᠷᠡᠯ ᠳᠤ
ᠵᠠᠮ ᠤᠨ ᠳ᠋ᠸᠩ ᠵᠠᠢ᠌ᠮᠤᠷᠠᠨ ᠭᠡᠷᠡᠯᠳᠦᠵᠤ
ᠵᠠᠢ᠌ᠯᠤᠭᠰᠠᠨ ᠰᠠᠯᠭᠢᠨ ᠤ ᠠᠢ᠌ᠪᠣᠩ ᠵᠠᠢ ᠳ᠋ᠤ
ᠵᠠᠮ ᠶᠢᠡᠷ ᠪᠠᠨ ᠢᠷᠡᠭ᠍ᠰᠡᠨ ᠵᠠᠯᠬᠠᠭᠤ ᠴᠠᠰᠤ
ᠵᠠᠢ ᠪᠦᠭᠦᠨ ᠳᠤ ᠴᠠᠢ᠌ᠷᠠᠨ ᠪᠠᠭᠤᠨ᠎ᠠ
ᠦᠳᠡᠰᠢ ᠶᠢᠨ ᠶᠢᠷᠳᠢᠠᠴᠤ ᠣᠷᠢᠳᠠᠪᠠᠷ ᠣᠠᠳᠠᠵᠤ
ᠦᠪᠴᠢ ᠬᠤᠳᠠ ᠳᠤ ᠴᠠᠰᠤ ᠯᠠ ᠯᠠᠪᠰᠠᠯᠠᠨ᠎ᠠ
ᠴᠠᠭᠠᠨ ᠪᠢᠰᠢ ᠶᠢ ᠨᠢ ᠴᠠᠢ᠌ᠷᠠᠭᠤᠯᠬᠤ ᠭᠡᠵᠤ
ᠴᠠᠰᠤ ᠪᠠᠭᠤᠳᠠᠭ
ᠴᠠᠭᠠᠨ ᠲᠡᠶ ᠬᠠᠷ᠎ᠠ ᠲᠡᠶ ᠨᠢ
ᠴᠠᠢ᠌ᠷᠠᠭᠤᠯᠵᠤ ᠠᠪᠳᠠᠭ
ᠬᠠᠯᠠᠭᠤᠷᠠᠭᠰᠠᠨ ᠡᠪᠦᠯ ᠳᠠᠢ
ᠣᠮᠠᠷᠠᠳᠤ ᠶᠢᠨ ᠬᠤᠳᠠ ᠳ᠋ᠤ
ᠭᠦᠢᠳᠡᠨ ᠴᠠᠰᠤ ᠪᠠᠭᠤᠵᠤ ᠴᠢᠳᠠᠨ᠎ᠠ
ᠬᠠᠶᠠ ᠬᠠᠶᠠ ᠠᠮᠢᠳᠤᠷᠠᠯ ᠤᠨ ᠊ᠭ᠍ᠷᠡᠳᠦ᠋ᠰ ᠢ
ᠬᠠᠯᠠᠮᠰᠢᠭᠰᠠᠨ ᠭᠦᠮᠦᠰ ᠳᠤ
ᠰᠡᠷᠡᠭ᠍ᠳᠡᠭᠦᠯᠵᠤ ᠴᠢᠳᠠᠨ᠎ᠠ
ᠣᠮᠠᠷ᠎ᠠ ᠲᠤᠢ᠌ᠯ ᠤᠨ ᠭᠦᠢᠳᠡᠨ ᠵᠤᠷᠢᠭ ᠢ
ᠣᠷᠤᠭᠰᠢᠯᠠᠭᠤᠯᠤᠨ ᠳᠠᠭᠠᠭᠤᠯᠬᠤ
ᠣᠨᠠᠬᠤ ᠴᠠᠰᠤ ᠨᠢᠭᠡ ᠶᠢ ᠪᠣᠳᠤᠭᠤᠯᠤᠨ᠎ᠠ
2006 ᠣᠨ ᠤ 11 ᠰᠠᠷ᠎ᠠ ᠶᠢᠨ 28 ᠊ᠤ ᠦᠳᠡᠰᠢ ᠪᠠᠷ ᠬᠦᠬᠡᠬᠤᠲᠠ ᠳ᠋ᠤ ᠪᠠᠭᠤᠭᠰᠠᠨ ᠴᠠᠰᠤᠨ ᠲ᠋ᠤᠮᠳᠠ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠭᠦᠷᠢᠶᠡᠨ᠎ᠡ ᠪᠢᠴᠢᠪᠠᠢ
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠳᠸᠯᠸᠢᠰ ᠬᠤᠷᠢᠶ᠎ᠠ
ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ