ᠨᠡᠪᠲᠡᠷᠡᠨ ᠤᠷᠤᠬᠤ
ᠨᠤᠮ ᠪᠢᠴᠢᠭ᠌ ᠪᠣᠯ ᠁

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠳᠡᠦᠭᠡ ᠮᠦᠨ

ᠢᠷᠡᠭᠡᠳᠦᠢ ᠮᠦᠨ

ᠳᠠᠷᠢᠭᠢ ᠰᠡᠷᠭᠦᠭᠡᠭᠦ

ᠡᠮ ᠮᠦᠨ

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠳᠤᠷᠠᠯᠠᠯ ᠶᠢᠡᠨ ᠦᠭ‍ᠭᠦ

ᠬᠠᠢ᠌ᠷᠠᠳᠤ ᠭᠦᠰᠡᠭᠦᠢ

ᠳᠤᠭᠳᠤᠯᠵᠤ ᠪᠣᠰᠬᠤ

ᠠᠮᠢᠳᠤ ᠰᠡᠷᠡᠭᠦᠢ

ᠳᠤᠷᠠᠰᠤᠯ ᠬᠠᠢ᠌ᠷ᠎ᠠ ᠶᠢᠨ

ᠪᠦᠯᠢᠶᠡᠨ ᠮᠡᠳᠡᠷᠡᠭᠦᠢ

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠡᠷᠢᠯ ᠭᠦᠰᠡᠯ ᠤᠨ

ᠣᠶᠤᠨ ᠳᠦᠯᠭᠢᠭᠦᠷ

ᠡᠶ᠎ᠡ ᠵᠤᠭᠢᠴᠠᠯ ᠤᠨ

ᠣᠶᠠᠩᠭ᠋᠎ᠠ ᠶᠢᠨ ᠴᠤᠤᠷᠢᠶ᠎ᠠ

ᠡᠪ ᠨᠠᠢ᠌ᠷᠠᠮᠳᠠᠯ ᠤᠨ

ᠴᠡᠩᠭᠡᠷ ᠳᠠᠭᠳᠠᠭ᠎ᠠ

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠦᠨᠢ ᠶᠢᠨ ᠴᠢᠨᠠᠷ ᠲᠡᠶ

ᠥᠰᠦᠷᠦᠩᠭᠦᠢ ᠳᠠᠪᠰᠢᠯᠳᠠ

ᠥᠵᠡᠰᠭᠦᠯᠡᠩ ᠭᠤᠸ᠎ᠠ

ᠨᠠᠷᠠᠳᠤ ᠮᠤᠲ᠋ᠸᠯ

ᠥᠩᠭᠡ ᠮᠥᠩᠭᠦᠨ ᠤ

ᠵᠡᠭᠦᠤ ᠳᠠᠷᠢᠯᠭ᠎ᠠ

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠨᠣᠢ᠌ᠷ ᠢ ᠬᠤᠯᠵᠢᠭᠤᠯᠳᠠᠭ

ᠬᠠᠭᠤᠴᠢᠨ ᠠᠷᠬᠠᠭ

ᠨᠠᠮ᠎ᠠ ᠶᠢ ᠰᠤᠭᠳᠤᠭᠠᠳᠠᠭ

ᠭᠦᠴᠦᠳᠤ ᠨᠠᠩᠴᠢᠳ

ᠭᠡᠶ‍ᠦᠷᠡᠯ ᠥᠯᠳᠡᠭᠦ

ᠳᠤᠳᠤᠨᠤ ᠮᠥᠷᠦᠭᠡᠳᠦᠯ

ᠭᠡᠩᠰᠢᠭᠡᠳ ᠳᠠᠰᠤᠭᠰᠠᠨ

ᠣᠷᠳᠤ ᠶᠢᠨ ᠳᠠᠭᠤᠤ

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠠᠳᠤᠭᠤᠴᠢᠨ ᠠᠪᠣ ᠶᠢᠨ ᠮᠢᠨᠢ

ᠳᠤᠯᠵᠤ ᠪᠣᠰᠤᠭᠰᠠᠨ ᠣᠷᠭ᠎ᠠ

ᠰᠠᠭᠠᠯᠢᠴᠢᠨ ᠡᠵᠢ ᠶᠢᠨ ᠮᠢᠨᠢ

ᠰᠠᠮᠤᠷᠴᠤ ᠡᠷᠭᠦᠭ᠍ᠰᠡᠨ ᠰᠥ᠋

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠠᠮᠢᠳᠤᠷᠠᠯ ᠮᠦᠨ

ᠠᠮᠢᠳᠤ ᠪᠣᠷᠬᠠᠨ ᠮᠦᠨ

ᠳᠤᠭᠤᠨᠤ ᠪᠠᠷ ᠳᠤᠰᠤᠭᠰᠠᠨ

ᠭᠡᠭᠡ ᠮᠦᠨ

ᠳᠤᠯᠭ᠎ᠠ ᠳᠤ ᠳᠦᠷᠡᠯᠵᠡᠭ᠍ᠰᠡᠨ

ᠭᠠᠯ ᠮᠦᠨ

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠠᠪᠣ ᠶᠢᠨ ᠮᠢᠨᠢ

ᠨᠠᠳᠠᠳᠤ ᠥᠯᠡᠳᠡᠭᠡᠭ᠍ᠰᠡᠨ

ᠦᠪ ᠭᠡᠷᠢᠶᠡᠰ

ᠡᠵᠢ ᠶᠢᠨ ᠮᠢᠨᠢ

ᠨᠠᠳᠠᠳᠤ ᠬᠠᠢ᠌ᠷᠠᠯᠠᠭᠰᠠᠨ

ᠦᠨᠡᠳᠤ ᠰᠤᠷᠭᠠᠯ

ᠨᠤᠮ ᠪᠢᠴᠢᠭ᠌ ᠪᠣᠯ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠣᠷᠠᠯᠢᠭ ᠤᠨ

ᠠᠯᠳᠠᠨ ᠳᠠᠪᠴᠠᠩ

ᠣᠬᠠᠭᠠᠨ ᠤ

ᠭᠦᠨ ᠮᠠᠠᠳᠠᠯ

ᠠᠢ᠌ᠷᠠᠭ ᠤᠨ

ᠰᠤᠳᠤᠨ ᠦᠨᠦᠷ

ᠨᠠᠢ᠌ᠷᠠᠭ ᠤᠨ

ᠳᠤᠷᠠᠨ ᠬᠠᠷᠠᠭ᠎ᠠ ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2947
ᠴᠠᠭ᠄ 2010 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ