ᠨᠡᠪᠲᠡᠷᠡᠨ ᠤᠷᠤᠬᠤ
ᠴᠢᠨᠤ ᠲᠦᠯᠦᠭᠡ ᠪᠢ ᠠᠰᠠᠶ᠎ᠠ

ᠴᠠᠷᠴᠠᠮ᠎ᠠ ᠬᠠᠷᠠᠩᠭ᠋ᠤᠢ ᠦᠳᠡᠰᠢ ᠶᠢ

ᠦᠯᠮᠡᠢ ᠳᠤᠤᠷ᠎ᠠ ᠡᠴᠡ ᠴᠢᠨᠢ ᠦᠯᠳᠡᠨ

ᠴᠢᠨᠤᠭᠢ ᠪᠠᠨ ᠯᠠ ᠲᠦᠯᠦᠭᠡ ᠭᠡᠵᠤ

ᠴᠢᠩ ᠵᠢᠷᠦᠭᠡ ᠪᠠᠨ ᠣᠶᠠᠰᠬᠠᠨ ᠪᠠᠢ᠌ᠵᠤ  

ᠴᠢᠪ ᠴᠢᠮᠡᠭᠡ ᠦᠭᠡᠶ ᠠᠰᠠᠶ᠎ᠠ


ᠭᠡᠷᠡᠯᠳᠤ ᠨᠠᠷᠠᠨ ᠤ ᠳᠤᠤᠷ᠎ᠠ ᠪᠢ ᠪᠦᠳᠡᠭᠡᠢ

ᠭᠡᠭᠡᠨ ᠰᠠᠷᠠᠨ ᠤ ᠳᠤᠤᠷ᠎ᠠ ᠪᠢ ᠰᠥᠮᠡᠭᠡᠢ

ᠭᠡᠨ ᠳᠤ ᠴᠤ ᠪᠢ ᠬᠠᠢ᠌ᠷ᠎ᠠ ᠪᠠᠨ ᠬᠤᠪᠢᠶᠠᠬᠤ ᠦᠭᠡᠶ

ᠭᠡᠨ ᠤ ᠴᠤ ᠬᠠᠢ᠌ᠷ᠎ᠠ ᠶᠢ ᠪᠢ ᠭᠦᠰᠡᠭᠦ ᠥᠭᠡᠢ


ᠡᠡᠷᠢᠭᠤᠨ ᠴᠠᠭᠠᠨ ᠰᠡᠳᠭᠢᠯ ᠶᠢᠡᠨ

ᠳᠤᠰᠤᠯ ᠳᠤᠰᠤᠯ ᠪᠠᠷ ᠬᠠᠢ᠌ᠯᠠᠭᠤᠯᠵᠤ

ᠠᠯᠤᠰ ᠬᠤᠯᠠ ᠶᠢᠨ ᠴᠢᠮ᠎ᠠ ᠳᠠᠭᠠᠨ

ᠳᠤᠷ᠎ᠠ ᠬᠠᠢ᠌ᠷ᠎ᠠ ᠪᠠᠨ ᠰᠠᠴᠤᠷᠠᠭᠠᠨ

ᠰᠦᠨᠢ ᠶᠢᠨ ᠣᠳᠤᠳ ᠤᠨ ᠳᠤᠤᠷ᠎ᠠ

ᠰᠦᠮᠠᠨ ᠰᠦᠮᠠᠨ ᠠᠰᠠᠶ᠎ᠠ  


ᠨᠠᠷᠢᠨ ᠦᠷᠴᠢᠯᠡᠭᠡᠰᠤ ᠴᠢᠷᠠᠢ ᠳᠤ ᠴᠢᠨᠢ ᠰᠠᠭᠤᠵᠤ

ᠨᠢᠮᠭᠡᠨ ᠭᠢᠷᠠᠭᠤ ᠭᠡᠵᠢᠭᠡᠨ ᠳᠤ ᠴᠢᠨᠢ ᠣᠨᠠᠠᠠᠰᠠᠨ ᠴᠤ

ᠨᠠᠮᠠᠭᠤᠨ ᠵᠦᠭᠡᠯᠡᠨ ᠠᠮᠢᠰᠬᠤᠭ᠎ᠠ ᠶᠢ ᠴᠢᠨᠢ ᠲᠠᠭᠠᠨ

ᠨᠥᠭᠡᠯᠡᠨ ᠨᠥᠭᠡᠯᠡᠨ ᠬᠠᠨᠢᠯᠠᠬᠤ ᠶᠢ ᠰᠠᠨᠠᠨ

ᠴᠢᠴᠢᠮ᠎ᠠ ᠬᠠᠷ᠎ᠠ ᠦᠳᠡᠰᠢ ᠪᠦᠭᠦᠨ  

ᠴᠢᠨᠤᠭᠢ ᠪᠠᠨ ᠲᠦᠯᠦᠭᠡ ᠠᠰᠠᠨ ᠠᠰᠠᠨ᠎ᠠ


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ