☆ ᠮᠤᠩᠭ᠋ᠤᠯᠰᠤᠶᠤᠯ
ᠡᠵᠢ ᠮᠢᠨᠢ
ᠰᠠᠢ᠌ᠬᠠᠨ ᠤ ᠵᠥᠭ᠌ ᠳᠠᠮᠠᠤᠯᠠ ᠭᠡᠵᠤ
ᠵᠤᠷᠢᠭᠵᠢᠭᠤᠯᠤᠯ ᠶᠢᠡᠷ ᠳᠠᠰᠢᠭᠤᠷᠳᠠᠭᠰᠠᠨ ᠮᠢᠯᠠᠭ᠎ᠠ
ᠰᠠᠨᠠᠭᠰᠠᠨ ᠶᠢᠡᠨ ᠣᠨᠤᠭᠠᠵᠤ ᠶᠠᠪᠣ ᠭᠡᠵᠤ
ᠵᠤᠷᠢᠭ ᠶᠢᠡᠷ ᠭᠦᠪᠴᠢᠯᠡᠭ᠍ᠰᠡᠨ ᠨᠤᠮᠤ
ᠴᠠᠭᠠᠰᠤᠨ ᠳᠤ ᠨᠠᠷᠠ ᠲᠡᠶ ᠶᠠᠪᠣ ᠭᠡᠵᠤ
ᠴᠢᠩᠭ᠋᠎ᠠ ᠰᠤᠷᠭᠠᠭᠰᠠᠨ ᠠᠯᠤᠩᠭ᠋ᠤᠸ᠎ᠠ
ᠴᠠᠳᠢᠭ ᠳᠡᠦᠭᠡ ᠪᠠᠨ ᠪᠣᠤ ᠮᠠᠷᠳᠠ ᠭᠡᠵᠤ
ᠴᠡᠭᠡᠵᠢᠯᠡᠭᠦᠯᠵᠤ ᠰᠤᠷᠭᠠᠭᠰᠠᠨ ᠬᠠᠮᠸᠧᠯ ᠪᠠᠭᠰᠢ
ᠬᠡᠦᠬᠡᠳ ᠦᠷ᠎ᠡ ᠶᠢᠨ ᠶᠢᠡᠨ ᠳᠦᠯᠦᠭᠡ
ᠭᠡᠵᠢᠶᠡᠳᠡ ᠬᠠᠳᠠᠭᠤᠬᠠᠨ ᠡᠷ᠎ᠡ ᠰᠦᠰᠦ
ᠭᠦᠷᠰᠢ ᠵᠡᠷᠭᠡᠯᠡᠳᠡᠭᠡ ᠲᠡᠶ ᠪᠠᠨ ᠡᠶ᠎ᠡ ᠵᠤᠭᠢᠴᠠᠩᠭ᠋ᠤᠢ
ᠭᠦᠮᠤᠨ ᠴᠢᠨᠠᠷ ᠤᠨ ᠥᠡᠳᠦᠷᠯᠢᠭ᠌
ᠪᠠᠢ᠌ᠭᠠᠯᠢ ᠳᠠᠭᠠᠨ ᠴᠠᠢ᠌ᠯᠭᠠᠨ ᠭᠠᠩᠬᠤᠭᠰᠠᠨ
ᠮᠢᠩᠭ᠋ᠠᠨ ᠴᠡᠴᠡᠭᠡᠰ ᠤᠨ ᠣᠭᠢ
ᠪᠠᠢ᠌ᠳᠠᠭ ᠶᠢᠡᠨ ᠦᠷ᠎ᠡ ᠳᠡᠭᠡᠨ ᠵᠤᠷᠢᠭᠤᠯᠤᠭᠰᠠᠨ
ᠲᠦᠮᠡᠨ ᠡᠭᠡᠴᠦᠦᠯ ᠤᠨ ᠰᠤᠳᠤᠨ
ᠬᠠᠯᠠ ᠬᠠᠢ᠌ᠷ᠎ᠠ ᠬᠤᠶᠠᠷ ᠶᠢᠡᠷ
ᠬᠤᠤᠰ ᠳᠤᠨᠢ ᠪᠣᠯᠪᠠᠰᠤᠷᠠᠭᠤᠯᠤᠭᠰᠠᠨ ᠰᠤᠷᠭᠠᠭᠴᠢ
ᠣᠬᠠᠭ᠎ᠠ ᠰᠦᠰᠦ ᠬᠤᠶᠠᠷ ᠶᠢᠡᠷ
ᠵᠡᠷᠭᠡ ᠳ᠋ᠤᠨᠢ ᠣᠭᠵᠢᠭᠰᠠᠨ ᠠᠴᠢᠳᠠᠨ
ᠳᠠᠪᠠᠯ ᠤᠨ ᠬᠤᠷᠮᠤᠢ ᠲᠡᠶ ᠨᠢ ᠵᠠᠭᠤᠷᠠᠭᠰᠠᠨ
ᠳᠡᠭ᠍ᠳᠡᠷ ᠳᠡᠭ᠍ᠳᠡᠷ ᠪᠢᠳᠠ ᠳᠠᠪᠣᠭᠤᠯᠠ ᠶᠢᠨ
ᠳᠠᠪᠳᠠᠷᠢᠵᠤ ᠨᠢᠰᠦᠭ᠍ᠰᠡᠨ ᠳᠠᠯᠠᠪᠴᠢ
ᠳᠡᠭᠡᠭ᠍ᠰᠢ ᠮᠠᠴᠤᠭᠰᠠᠨ ᠱᠠᠳᠤ
ᠦᠯᠵᠡᠢ ᠬᠤᠳᠤᠭ ᠤᠨ ᠡᠭᠦᠳᠡ ᠶᠢ ᠢᠷᠠᠭᠰᠠᠨ
ᠦᠷᠦᠰᠢᠶᠠᠯ ᠡᠨᠡᠷᠢᠩᠭᠦᠢ ᠦᠨᠡᠨ ᠪᠣᠷᠬᠠᠨ
ᠦᠷ᠎ᠡ ᠪᠣᠯᠤᠭᠰᠠᠨ ᠪᠢᠳᠠᠨᠤᠰ ᠤᠨ
ᠦᠨᠢᠳᠠ ᠪᠢᠰᠢᠷᠡᠭᠦ ᠬᠠᠢ᠌ᠷ᠎ᠠ ᠶᠢᠨ ᠰᠢᠳᠦᠭᠡᠨ
ᠳᠤᠭᠳᠠᠭᠰᠠᠨ ᠴᠠᠭ ᠲᠠᠭᠠᠨ ᠪᠠᠭᠤᠬᠤ ᠦᠭᠡᠶ ᠪᠠᠢ᠌ᠭᠰᠠᠨ
ᠳᠤᠭᠠᠳᠠᠢ ᠭᠡᠳᠦᠭᠡᠨ ᠴᠠᠯᠢᠩ ᠶᠢᠡᠨ
ᠳᠤᠭᠠᠯᠠᠵᠤ ᠥᠭ᠍ᠴᠤ ᠪᠠᠶᠠᠷᠯᠠᠭᠤᠯᠤᠭᠰᠠᠨ ᠦᠭᠡᠶ
ᠨᠢᠭᠡ ᠬᠠᠷᠠᠮᠰᠠᠯ
ᠳᠤᠭᠤᠨᠠᠳᠤ ᠭᠡᠷ ᠤᠨ ᠶᠢᠡᠨ
ᠳᠤᠯᠠᠭᠠᠨ ᠬᠠᠠᠵᠤᠨ ᠳᠤ
ᠳᠤᠰᠴᠤ ᠠᠪᠴᠢᠷᠠᠵᠤ ᠠᠴᠢᠯᠠᠭᠰᠠᠨ ᠦᠭᠡᠶ
ᠪᠠᠰᠠ ᠨᠢᠭᠡᠨ ᠬᠠᠷᠠᠮᠰᠠᠯ
ᠪᠣᠭᠤᠷᠤᠯ ᠠᠯᠠᠭᠬᠠᠨ ᠬᠤᠷᠸ᠎ᠠ ᠪᠠᠨ
ᠪᠣᠰᠤᠭ᠎ᠠ ᠵᠤᠷᠢᠭ ᠶᠢᠡᠷ ᠶᠢᠡᠨ ᠴᠢᠮᠠᠵᠤ ᠶᠠᠪᠣᠭᠰᠠᠨ
ᠪᠣᠷᠬᠠᠨ ᠰᠡᠳᠭᠢᠯᠳᠤ ᠡᠵᠢ ᠮᠢᠨᠢ ᠳᠠ
ᠳᠡᠭ᠍ᠷᠢ ᠲᠡᠶ ᠪᠠᠨ ᠬᠠᠮᠳᠤ ᠵᠢᠷᠭᠠᠭᠰᠠᠨ ᠪᠣᠯ ᠡ᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3065
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ