ᠨᠡᠪᠲᠡᠷᠡᠨ ᠤᠷᠤᠬᠤ
ᠪᠠᠬᠠᠷᠬᠠᠮ᠎ᠠ ᠣᠢ᠌ᠯᠠᠰ ᠲᠡᠶ ᠪᠠᠭᠰᠢ ᠭᠦᠮᠤᠨ

ᠳᠡᠯᠭᠡᠷ ᠶᠡᠭᠡ ᠣᠢ᠌ᠯᠠᠰ ᠵᠢᠠᠨ

       ᠳᠡᠭᠡᠵᠢᠯᠡᠵᠤ ᠶᠠᠪᠣᠳᠠᠭ ᠪᠠᠭᠰᠢ ᠭᠦᠮᠤᠨ

ᠳᠡᠭ᠍ᠵᠢᠨ ᠴᠤᠪᠣᠭᠤ ᠰᠤᠷᠤᠭᠴᠢᠳ ᠵᠢᠠᠨ

       ᠳᠡᠩᠳᠡᠭᠦᠤ ᠬᠠᠢ᠌ᠷᠠᠯᠠᠳᠠᠭ ᠪᠠᠭᠰᠢ ᠭᠦᠮᠤᠨ᠃

ᠣᠶᠤᠨ ᠪᠢᠯᠢᠭ᠌ ᠤᠨ ᠦᠷ᠎ᠡ ᠶᠢ ᠰᠠᠴᠤᠨ

       ᠦᠷᠠᠯᠠᠨ ᠳᠠᠷᠢᠳᠠᠭ ᠪᠠᠭᠰᠢ ᠭᠦᠮᠤᠨ

ᠣᠬᠠᠭᠠᠨ ᠰᠠᠨᠠᠭᠠᠨ ᠤ ᠴᠢᠮᠡᠭ᠌ ᠢ ᠰᠠᠭᠤᠯᠭᠠᠨ

       ᠦᠷᠤᠪᠴᠢᠯᠠᠨ ᠭᠦᠮᠦᠵᠢᠭᠦᠯᠳᠡᠭ᠌ ᠪᠠᠭᠰᠢ ᠭᠦᠮᠤᠨ᠃

ᠦᠷᠦᠭᠡᠯ ᠤᠨ ᠬᠡᠦᠬᠡᠳ ᠢ ᠦᠷ᠎ᠡ ᠪᠠᠨ ᠰᠢᠭ᠌

       ᠥᠭᠦᠭᠡᠷᠳᠡᠨ ᠪᠣᠢ᠌ᠵᠢᠭᠤᠯᠳᠠᠭ ᠪᠠᠭᠰᠢ ᠭᠦᠮᠤᠨ

ᠦᠷᠭᠦᠢ ᠬᠠᠯᠠᠭᠤᠨ ᠶᠡᠭᠡ ᠨᠢᠩᠵᠢᠨ ᠰᠡᠳᠭᠢᠯ ᠵᠢᠠᠷ

       ᠦᠵᠡᠨ ᠬᠠᠷᠠᠭᠠᠯᠵᠠᠳᠠᠭ ᠪᠠᠭᠰᠢ ᠭᠦᠮᠤᠨ᠃

ᠡᠨ ᠡ ᠡᠴᠡ ᠡᠭᠢᠯᠡᠨ ᠡᠭᠡ ᠭᠡᠯᠡ ᠪᠠᠨ

       ᠠᠯᠭᠠᠰᠠᠯ ᠦᠭᠡᠶ ᠣᠯᠠᠮᠵᠢᠯᠠᠳᠠᠭ ᠪᠠᠭᠰᠢ ᠭᠦᠮᠤᠨ

ᠠᠷᠠᠪ ᠳᠤᠭ᠎ᠠ ᠡᠴᠡ ᠭᠠᠷᠳᠠᠨ ᠨᠢᠭᠡ ᠬᠤᠶᠠᠷ ᠢ

       ᠠᠯᠳᠠᠯ ᠦᠭᠡᠶ ᠰᠤᠷᠭᠠᠳᠠᠭ ᠪᠠᠭᠰᠢ ᠭᠦᠮᠤᠨ᠃

ᠣᠬᠠᠭ᠎ᠠ ᠰᠠᠷᠠᠭᠤᠯ ᠪᠣᠯᠭᠠᠶ᠎ᠠ ᠭᠡᠵᠤ

       ᠣᠠᠴᠠᠭᠠᠢ᠌ᠯᠠᠨ ᠮᠡᠷᠡᠢ᠌ᠳᠡᠭ᠌ ᠪᠠᠭᠰᠢ ᠭᠦᠮᠤᠨ

ᠳᠠᠮᠢᠷ ᠴᠢᠩᠭ᠎ᠠ ᠰᠠᠭᠤᠯᠭᠠᠶ᠎ᠠ ᠭᠡᠵᠤ

       ᠳᠠᠮᠠᠤᠯᠠᠨ ᠵᠢᠦᠡᠭᠦᠳᠡᠭ᠌ ᠪᠠᠭᠰᠢ ᠭᠦᠮᠤᠨ᠃

ᠦᠳᠡᠰᠢ ᠶᠢᠨ ᠭᠦᠨ ᠪᠣᠯᠳᠠᠯ᠎ᠠ

       ᠳᠠᠰᠬᠠᠯ ᠭᠢᠨᠠᠳᠠᠭ ᠪᠠᠭᠰᠢ ᠭᠦᠮᠤᠨ

ᠦᠷ ᠤᠨ ᠭᠡᠭᠡ ᠲᠡᠶ ᠣᠷᠤᠯᠳᠤᠨ

       ᠳᠠᠪᠳᠠᠯᠭ᠎ᠠ ᠵᠢᠯᠤᠭᠤᠳᠤᠳᠠᠭ ᠪᠠᠭᠰᠢ ᠭᠦᠮᠤᠨ᠃

ᠥᠵᠡᠭᠦ ᠬᠤᠶᠠᠷ ᠨᠢᠳᠤᠨ ᠳ᠋ᠡᠭᠡᠨ

       ᠬᠠᠢ᠌ᠷ᠎ᠠ ᠳᠤᠨᠤᠷᠠᠭᠤᠯᠳᠠᠭ ᠪᠠᠭᠰᠢ ᠭᠦᠮᠤᠨ

ᠡᠨᠡᠷᠢᠩᠭᠦᠢ ᠬᠤᠶᠠᠷ ᠬᠠᠴᠠᠷ ᠳᠠᠭᠠᠨ

       ᠮᠦᠰᠢᠶᠠᠳᠤ ᠪᠢᠯᠬᠠᠭᠤᠯᠳᠠᠭ ᠪᠠᠭᠰᠢ ᠭᠦᠮᠤᠨ᠃

ᠮᠡᠳᠡᠯᠭᠡ ᠪᠠᠷ ᠣᠶᠤᠨ ᠢ ᠨᠢ ᠵᠡᠪᠰᠡᠭᠯᠡᠨ

       ᠬᠠᠷᠠᠭ᠎ᠠ ᠰᠤᠨᠤᠷ ᠢ ᠨᠢ ᠦᠷᠭᠡᠳᠭᠡᠳᠡᠭ᠌ ᠪᠠᠭᠰᠢ ᠭᠦᠮᠤᠨ

ᠮᠤᠷᠠᠯ ᠶᠢᠡᠷ ᠵᠠᠩ ᠢ ᠨᠢ ᠭᠦᠮᠦᠵᠢᠭᠦᠯᠤᠨ

       ᠭᠡᠪ ᠴᠢᠨᠠᠷ ᠢ ᠨᠢ ᠳᠡᠭᠡᠭ᠍ᠰᠢᠯᠡᠭᠦᠯᠳᠡᠭ᠌ ᠪᠠᠭᠰᠢ ᠭᠦᠮᠤᠨ᠃   

ᠵᠢᠭᠠᠨ ᠰᠤᠷᠭᠠᠬᠤ ᠳᠠᠪᠴᠠᠩ ᠭᠤᠷᠪᠠᠨ ᠳᠤᠬᠤᠢ ᠴᠤ

       ᠣᠢ᠌ᠯᠠᠰ ᠤᠨ ᠳᠦᠷᠦᠭᠡ ᠭᠡᠵᠤ ᠭᠦᠡᠳᠦᠳᠭᠡᠳᠡᠭ᠌ ᠪᠠᠭᠰᠢ ᠭᠦᠮᠤᠨ

ᠵᠢᠭᠠᠯ ᠰᠤᠷᠤᠭᠴᠢᠳ ᠠᠯᠢᠶ᠎ᠠ ᠳᠡᠭ᠍ᠵᠢᠨ ᠪᠣᠯᠪᠠᠴᠤ

       ᠢᠷᠡᠭᠡᠳᠦᠢ ᠶᠢᠨ ᠨᠠᠷᠠ ᠭᠡᠵᠤ ᠪᠠᠬᠠᠷᠬᠠᠳᠠᠭ ᠪᠠᠭᠰᠢ ᠭᠦᠮᠤᠨ᠃

ᠣᠷᠭᠤᠬᠤ ᠨᠠᠷᠠᠨ ᠢ ᠣᠭᠳᠤᠨ

       ᠣᠢ᠌ᠯᠠᠰ ᠶᠢᠡᠨ ᠳᠡᠷᠬᠠᠨ ᠭᠡᠵᠤ ᠣᠮᠤᠭᠰᠢᠳᠠᠭ ᠪᠠᠭᠰᠢ ᠭᠦᠮᠤᠨ

ᠦᠳᠡᠰᠢ ᠶᠢᠨ ᠳᠤᠯᠤᠩ ᠢ ᠦᠳᠡᠨ

       ᠠᠵᠢᠯ ᠶᠢᠡᠨ ᠠᠭᠤᠤ ᠭᠡᠵᠤ ᠬᠠᠨᠠᠢ᠌ᠳᠠᠭ ᠪᠠᠭᠰᠢ ᠭᠦᠮᠤᠨ᠃

ᠴᠠᠯᠢᠩ ᠭᠦᠯᠦᠰᠤ ᠭᠡᠮᠵᠢᠶ᠎ᠡ ᠲᠡᠶ ᠴᠤ

       ᠠᠵᠢᠯ ᠳᠠᠭᠠᠨ ᠴᠠᠯᠠᠭᠠᠢ᠌ᠳᠠᠳᠠᠭ ᠦᠭᠡᠶ ᠪᠠᠭᠰᠢ ᠭᠦᠮᠤᠨ

ᠴᠠᠭ ᠢᠮᠠᠭᠳᠠ ᠵᠦᠳᠡᠷᠡᠯ ᠲᠡᠶ ᠴᠤ

       ᠣᠢ᠌ᠯᠠᠰ ᠲᠡᠭᠡᠨ ᠣᠰᠤᠯᠳᠠᠳᠠᠭ ᠦᠭᠡᠶ ᠪᠠᠭᠰᠢ ᠭᠦᠮᠤᠨ᠃

ᠣᠳᠤ ᠪᠣᠯᠵᠤ ᠰᠤᠷᠤᠭᠴᠢ ᠨᠢ ᠭᠢᠯᠠᠯᠵᠠᠬᠤ ᠳ᠋ᠤ

       ᠣᠮᠤᠭᠰᠢᠨ ᠣᠯᠵᠠᠷᠬᠠᠳᠠᠭ ᠪᠠᠭᠰᠢ ᠭᠦᠮᠤᠨ

ᠰᠤᠳᠤ ᠪᠣᠯᠵᠤ ᠰᠤᠷᠤᠭᠴᠢ ᠨᠢ  ᠴᠤᠯᠭᠤᠷᠬᠤ ᠳ᠋ᠤ

       ᠰᠡᠳᠭᠢᠯ ᠳᠡᠨᠡᠢ᠌ᠳᠡᠭ᠌  ᠪᠠᠭᠰᠢ ᠭᠦᠮᠤᠨ

ᠣᠢ᠌ᠯᠠᠰ ᠲᠡᠭᠡᠨ ᠨᠠᠷᠠ ᠣᠷᠭᠤᠭᠤᠯᠵᠤ

       ᠵᠤᠯᠪᠣᠭᠠᠳᠠᠢ᠌ᠬᠠᠨ ᠠᠵᠢᠯᠯᠠᠳᠠᠭ ᠪᠠᠭᠰᠢ ᠭᠦᠮᠤᠨ

ᠢᠷᠡᠭᠡᠳᠦᠢ ᠳᠡᠭᠡᠨ ᠢᠳᠡᠭᠡᠯ ᠭᠦᠪᠦᠷᠡᠭᠦᠯᠵᠤ

       ᠵᠤᠭᠠᠳᠠᠢ᠌ᠬᠠᠨ ᠭᠦᠳᠡᠯᠮᠦᠷᠢᠯᠡᠳᠡᠭ᠌ ᠪᠠᠭᠰᠢ ᠭᠦᠮᠤᠨ᠃

ᠡᠶ᠎ᠡ ᠵᠤᠭᠢᠴᠠᠯ ᠢ ᠡᠷᠭᠢᠮᠯᠡᠨ

       ᠨᠠᠢ᠌ᠷᠠᠮᠳᠠᠭᠤ ᠶᠠᠪᠣᠳᠠᠭ ᠪᠠᠭᠰᠢ ᠭᠦᠮᠤᠨ

ᠡᠭᠡ ᠣᠷᠤᠨ ᠶᠢᠡᠨ ᠬᠠᠢ᠌ᠷᠠᠯᠠᠨ

       ᠡᠭᠡᠰᠢᠭᠯᠡᠵᠤ ᠳᠠᠭᠤᠯᠠᠳᠠᠭ ᠪᠠᠭᠰᠢ ᠭᠦᠮᠤᠨ᠃

ᠪᠠᠭᠰᠢ ᠭᠦᠮᠤᠨ᠂   ᠪᠠᠶᠡᠨ ᠭᠦᠮᠤᠨ

ᠳᠠᠯᠠᠢ ᠰᠠᠩ ᠰᠢᠭ ᠰᠤᠷᠤᠭᠴᠢ ᠲᠡᠶ ᠭᠦᠮᠤᠨ᠂

ᠪᠠᠭᠰᠢ ᠭᠦᠮᠤᠨ᠂   ᠪᠠᠬᠠᠷᠬᠠᠮ᠎ᠡ ᠭᠦᠮᠤᠨ

ᠳᠡᠯᠡᠭᠡᠢ ᠳᠤ ᠬᠠᠩᠭᠢᠨᠠᠮ᠎ᠠ ᠣᠢ᠌ᠯᠠᠰ ᠲᠡᠶ ᠭᠦᠮᠤᠨ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2011 ᠤᠨ ᠤ 04 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ