ᠨᠡᠪᠲᠡᠷᠡᠨ ᠤᠷᠤᠬᠤ
ᠤᠳᠠᠰᠤ ᠶᠢ ᠴᠢᠨᠢ ᠳᠤᠰᠬᠤ ᠪᠦᠷᠢ

ᠣᠳᠠᠰᠤ ᠶᠢ ᠴᠢᠨᠢ ᠳᠤᠰᠬᠤ ᠪᠦᠷᠢ

ᠣᠢ᠌ᠤᠠᠬᠠᠷ ᠨᠢᠭᠡ ᠰᠡᠷᠭᠦᠨ᠎ᠡ

ᠣᠳᠠᠭᠠᠨ ᠡᠳᠦᠷ ᠪᠦᠷᠭᠦᠢᠭ᠍ᠰᠡᠨ

ᠪᠣᠳᠤᠯ ᠨᠢᠭᠡ ᠴᠡᠯᠮᠡᠭ᠍ᠰᠢᠨ᠎ᠡ


ᠦᠴᠦᠭᠡᠳᠦᠷ ᠤᠨ ᠵᠡᠭᠦᠳᠤᠨ ᠶᠢᠡᠨ

ᠦᠨᠡᠨ ᠶᠢᠡᠷ ᠨᠢ ᠭᠡᠯᠡᠭᠦ ᠶᠢ ᠭᠦᠰᠡᠨ᠎ᠡ

ᠣᠷᠤᠭᠤᠯ ᠳᠡᠭᠡᠷ᠎ᠡ ᠪᠠᠨ ᠥᠨᠦᠰᠦᠭᠦᠯᠵᠤ

ᠡᠷᠭᠡᠯᠡᠭᠦ ᠶᠤᠮᠰᠠᠨ ᠭᠡᠵᠤ ᠪᠣᠳᠤᠨ᠎ᠠ


ᠲ᠋ᠤᠭᠳᠤᠯᠤᠭᠤᠯᠵᠤ ᠶᠠᠷᠢᠭᠰᠠᠨ ᠠᠶᠠᠯᠭᠤ ᠴᠢᠨᠢ

ᠵᠢᠷᠦᠭᠡ ᠶᠢ ᠣᠭᠤᠰᠤᠷᠯᠠᠭᠠᠤᠨ ᠵᠤᠪᠠᠭᠠᠨ᠎ᠠ

ᠳᠤᠳᠠᠭᠤ ᠪᠢᠴᠢᠭ᠍ᠰᠡᠨ ᠰᠢᠯᠦᠭ᠌ ᠮᠢᠨᠢ ᠰᠢᠭ᠌

ᠵᠣᠢ᠌ᠯ ᠢ ᠪᠣᠳᠤᠭᠤᠯᠤᠭᠠᠤᠨ ᠳᠠᠷᠴᠢᠯᠭᠠᠨ᠎ᠠ


ᠲ᠋ᠠᠷᠠ ᠬᠤᠯᠠ ᠡᠴᠡ ᠴᠢ ᠮᠢᠨᠢ

ᠳᠦᠭᠦᠭᠡᠳ ᠢᠷᠡᠭᠡᠰᠡᠢ ᠭᠡᠵᠤ ᠭᠦᠰᠡᠨ᠎ᠡ

ᠳᠡᠭᠡ ᠶᠢᠨ ᠬᠠᠨ ᠤ ᠪᠠᠨ ᠡᠩᠭᠡᠷ ᠶᠢᠡᠷ

ᠳᠤᠭᠣᠢ᠌ᠯᠠᠵᠤ ᠠᠯᠬᠤᠯᠠᠬᠤ ᠶᠢ ᠰᠠᠨᠠᠨ᠎ᠠ


ᠠᠭᠤᠷᠯᠠᠭᠤᠯᠵᠤ ᠶᠠᠷᠢᠭᠰᠠᠨ ᠥᠭᠡ ᠪᠠᠨ

ᠦᠷᠦᠭᠡᠰᠤᠨ ᠬᠠᠴᠠᠷ ᠲᠤ ᠴᠢᠨᠢ ᠨᠠᠭᠠᠨ᠎ᠠ

ᠠᠭᠤᠴᠢᠯᠠᠬᠤ ᠶᠢ ᠭᠦᠰᠡᠭ᠍ᠰᠡᠨ ᠬᠠᠷᠠᠴᠠ ᠪᠠᠨ

ᠣᠷᠤᠭᠤᠯ ᠳᠤ ᠴᠢᠨᠢ ᠰᠢᠩᠭᠡᠭᠡᠳ ᠮᠠᠯᠮᠠᠷᠠᠨ᠎ᠠ

ᠣᠳᠠᠰᠤ ᠶᠢ ᠴᠢᠨᠢ ᠳᠤᠰᠬᠤ ᠪᠦᠷᠢ

ᠣᠢ᠌ᠤᠬᠠᠷ ᠨᠢᠭᠡ ᠰᠡᠷᠭᠦᠨ᠎ᠡ

ᠣᠳᠠᠭᠠᠨ ᠡᠳᠦᠷ ᠪᠦᠷᠭᠦᠢᠭ᠍ᠰᠡᠨ

ᠪᠣᠳᠤᠯ ᠨᠢᠭᠡ ᠴᠡᠯᠮᠡᠭ᠍ᠰᠢᠨ᠎ᠡ


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ