☆ ᠪᠠ᠊·ᠤᠳᠬᠤᠠᠪᠠᠭᠠᠳᠤᠷ
ᠦᠨᠡᠨᠳᠡᠭᠡᠨ ᠪᠢᠳᠠ ᠬᠤᠯᠠ ᠥᠭᠡᠢ
ᠦᠨᠡᠨᠳᠡᠭᠡᠨ ᠪᠢᠳᠠ
ᠬᠤᠯᠠ ᠥᠭᠡᠢ
ᠠᠭᠤᠯᠠ ᠦᠨᠳᠦᠷ ᠤᠨ
ᠠᠷᠤ ᠡᠪᠦᠷ ᠳᠤ
ᠦᠵᠡᠯᠳᠠ ᠪᠠᠨ ᠡᠷᠭᠦᠵᠤ
ᠴᠢᠩᠨᠠᠵᠤ ᠰᠠᠭᠤᠳᠠᠭ
ᠠᠭᠤᠰᠭᠢ ᠵᠢᠷᠦᠭᠡᠨ ᠤ
ᠢᠵᠢᠯᠭᠡᠨ ᠡᠭᠡᠰᠢᠭ᠌ ᠵᠢᠠᠨ
ᠦᠨᠡᠨ ᠤ ᠭᠡᠯᠭᠢᠶᠡᠰᠤ ᠪᠠᠷ
ᠰᠢᠪᠠᠨᠠᠵᠤ ᠶᠠᠪᠣᠳᠠᠭ
ᠮᠤᠩᠭ᠋ᠤᠯ ᠪᠣᠰᠤᠭ᠎ᠠ
ᠥᠰᠦᠭ᠌ ᠶᠢᠡᠨ ᠲᠦᠰᠢᠵᠤ
ᠵᠠᠶᠠᠭ᠎ᠠ ᠪᠠᠨ ᠬᠠᠮᠳᠤᠳᠬᠠᠵᠤ
ᠵᠢᠷᠭᠠᠭᠰᠠᠨ ᠣᠯᠤᠰ ᠤᠳ ᠡ
ᠦᠨᠡᠨᠳᠡᠭᠡᠨ ᠪᠢᠳᠠ
ᠬᠤᠯᠠ ᠥᠭᠡᠢ
ᠣᠭᠤᠰᠤᠷᠯᠠᠵᠤ ᠮᠦᠷᠦᠭᠡᠳᠦᠭ᠍ᠰᠡᠨ
ᠳᠦᠷᠢ ᠳᠤ ᠴᠢᠨᠢ ᠵᠤᠷᠢᠭᠵᠢᠵᠤ
ᠣᠢ᠌ᠯᠠᠰ ᠤᠨ ᠬᠠᠷᠭᠤᠢ ᠳ᠋ᠤ
ᠬᠠᠮᠳᠤ ᠳᠦᠰᠢᠯᠴᠡᠭ᠍ᠰᠡᠨ
ᠦᠨᠳᠦᠷ ᠪᠠᠷᠳᠠᠭ᠎ᠠ ᠳ᠋ᠤ
ᠵᠠᠶᠠᠭ᠎ᠠ ᠨᠢᠭᠡᠳᠭᠡᠨ
ᠢᠳᠡᠭᠡᠯ ᠤᠨ ᠰᠠᠴᠤᠯᠢ ᠪᠠᠨ
ᠳᠡᠭ᠍ᠷᠢ ᠳᠤ ᠳᠠᠭᠠᠳᠬᠠᠭᠰᠠᠨ
ᠦᠨᠢ ᠮᠥᠩᠭᠡ ᠵᠢᠨ
ᠳᠠᠩᠭ᠋ᠠᠷᠢᠭ ᠪᠢᠯᠠ
ᠦᠨᠡᠨᠳᠡᠭᠡᠨ ᠪᠢᠳᠠ
ᠬᠤᠯᠠ ᠥᠭᠡᠢ
ᠢᠵᠢᠯᠭᠡᠨ ᠮᠤᠩᠭ᠋ᠤᠯ ᠤᠨ
ᠳᠠᠭᠤᠨ ᠳᠤ ᠴᠠᠷᠴᠠᠭᠰᠠᠨ
ᠢᠠᠵᠠᠭ᠎ᠠ ᠶᠢᠨ ᠵᠥᠭᠡᠯᠡᠨ
ᠪᠣᠢ᠌ᠯᠠᠭ᠎ᠠ ᠨᠢ ᠪᠠᠢ᠌ᠵᠤ
ᠵᠡᠭᠡᠷ᠎ᠡ ᠳᠡᠰᠢᠭ᠍ᠰᠡᠨ
ᠵᠡᠷᠭᠡᠯᠭᠡᠡᠳᠤ ᠳᠠᠯ᠎ᠠ ᠵᠢᠨ
ᠰᠠᠯᠭᠢ ᠨᠠᠮᠢᠷᠭᠠᠨ ᠤ
ᠭᠦᠩᠭᠡᠭᠡᠨ ᠳᠤᠰᠤᠯ ᠤᠳ ᠡ
ᠦᠨᠡᠨᠳᠡᠭᠡᠨ ᠪᠢᠳᠠ
ᠬᠤᠯᠠ ᠥᠭᠡᠢ
ᠳᠤᠤᠯᠠ ᠭᠤᠤᠯ ᠤᠨ
ᠮᠦᠩᠭᠦᠨ ᠳᠠᠪᠠᠯᠭᠠᠨ
ᠳᠤᠰᠤᠯ ᠶᠢᠡᠨ ᠥᠭᠡᠢ᠌ᠯᠡᠵᠤ
ᠳᠠᠭᠤᠯᠠᠵᠤ ᠬᠤᠨᠤᠳᠠᠭ ᠢ
ᠪᠣᠷᠬᠠᠨ ᠬᠠᠯᠳᠤᠨ ᠤ
ᠡᠩᠭᠡᠷ ᠢ ᠲᠦᠰᠢᠵᠤ
ᠪᠣᠷᠤᠭᠠᠨ ᠲᠡᠶ ᠣᠯᠠᠷᠢᠯ ᠵᠢᠠᠨ
ᠰᠠᠨᠠᠵᠤ ᠮᠦᠷᠦᠭᠡᠳᠳᠡᠭ᠌ ᠢ
ᠠᠭᠤᠤ ᠡᠷᠡᠨ
ᠣᠨ ᠵᠢᠯ ᠤᠳ
ᠠᠷᠤᠠᠰᠢ ᠪᠠᠨ ᠣᠬᠤᠷᠢᠵᠤ
ᠪᠣᠴᠠᠵᠤ ᠡᠭᠡᠳᠡᠭ᠌ ᠦᠭᠡᠶ ᠵᠢ
ᠰᠡᠳᠭᠢᠯ ᠳᠤ ᠪᠠᠨ ᠪᠦᠷ
ᠭᠡᠮᠨᠡᠵᠤ ᠶᠠᠪᠣᠳᠠᠭ
ᠰᠢᠳᠦᠭᠡᠴᠢ ᠮᠤᠩᠭ᠋ᠤᠯ ᠤᠨ
ᠬᠣᠢ᠌ᠴᠢᠰ ᠪᠢᠯᠠ
ᠦᠨᠡᠨᠳᠡᠭᠡᠨ ᠪᠢᠳᠠ
ᠬᠤᠯᠠ ᠥᠭᠡᠢ
ᠳᠡᠷᠭᠡ ᠪᠠᠨ ᠪᠠᠷᠢᠭᠠᠤᠨ
ᠣᠴᠢᠶ᠎ᠠ ᠭᠡᠪᠠᠯ
ᠳᠡᠷᠳᠡᠭᠡ ᠨᠤᠳᠤᠭ
ᠦᠯᠮᠡᠢ ᠳᠤ ᠤᠢ᠌ᠷᠬᠠᠨ
ᠳᠠᠩᠰᠠᠵᠤ ᠰᠠᠭᠤᠭᠠᠤᠨ
ᠰᠡᠳᠭᠢᠯ ᠭᠦᠪᠰᠡᠪᠠᠯ
ᠳᠡᠭ᠍ᠷᠢ ᠶᠢᠨ ᠬᠠᠶᠠᠭ᠎ᠠ
ᠮᠠᠯᠮᠠᠢ ᠳᠤ ᠳᠤᠳᠤᠬᠠᠨ
ᠬᠤᠨ ᠤ ᠨᠡᠭᠦᠳᠡᠯ ᠤᠨ
ᠵᠠᠮ ᠢ ᠪᠠᠷᠢᠵᠤ
ᠬᠤᠠᠳᠤ ᠶᠢᠨ ᠨᠤᠳᠤᠭ ᠢ
ᠴᠢᠭᠯᠡᠭᠦ ᠴᠤ ᠶᠤᠮ
ᠭᠦᠮᠤᠨ ᠪᠠᠢ᠌ᠭᠠᠯᠢ ᠶᠢᠨ
ᠴᠡᠴᠡᠭ᠍ᠳᠤ ᠵᠡᠭᠦᠳᠤ ᠪᠠᠨ
ᠳᠠᠭᠤᠨ ᠳᠤ ᠮᠥᠩᠭᠡᠵᠢᠭᠡᠨ
ᠵᠢᠷᠭᠠᠬᠤ ᠴᠤ ᠶᠤᠮ ᠡ
ᠦᠨᠡᠨᠳᠡᠭᠡᠨ ᠪᠢᠳᠠ
ᠬᠤᠯᠠ ᠥᠭᠡᠢ
ᠦᠣᠷᠰᠡᠭᠦ ᠠᠳᠤᠭᠤᠳ ᠤᠨ
ᠢᠠᠴᠠᠭᠠ ᠨᠢ ᠭᠦᠷᠳᠡᠯ᠎ᠡ
ᠳᠠᠯ᠎ᠠ ᠶᠢᠨ ᠨᠠᠮᠢᠷᠭᠠᠨ ᠲᠡᠶ ᠪᠠᠨ
ᠳᠠᠪᠠᠯᠭᠠᠯᠠᠵᠤ ᠢᠷᠠᠨ᠎ᠡ
ᠰᠢᠭᠡᠭ᠌ ᠤᠨ ᠦᠨᠦᠷ ᠳᠠᠢ
ᠬᠤᠨᠢᠳ ᠤᠨ ᠰᠦᠷᠦᠭ᠌ ᠤᠨ
ᠰᠢᠠᠵᠢ ᠨᠢ ᠭᠦᠷᠳᠡᠯ᠎ᠡ
ᠢᠵᠢᠯᠢ ᠪᠠᠷ ᠶᠢᠡᠨ ᠢᠷᠡᠳᠡᠭ᠌
ᠰᠠᠭᠠᠯᠢ ᠰᠠᠭᠤᠭᠰᠠᠨ
ᠰᠦ᠋ ᠶᠢᠨ ᠦᠨᠦᠷ ᠨᠢ ᠴᠤ
ᠰᠠᠯᠭᠢ ᠪᠠᠷ ᠶᠢᠡᠨ ᠮᠤᠩᠭ᠋ᠤᠯ
ᠬᠠᠩᠬᠤᠯᠠᠵᠤ ᠢᠷᠡᠳᠡᠭ᠌
ᠰᠠᠴᠤᠯᠢ ᠪᠠᠨ ᠡᠷᠭᠦᠭ᠍ᠰᠡᠨ
ᠡᠵᠢ ᠶᠢᠨ ᠳᠦᠷᠢ ᠨᠢ
ᠪᠦᠰᠡᠭᠦᠢ ᠳᠡᠷᠯᠢᠭ᠌ ᠶᠢᠡᠷ ᠵᠢᠠᠨ
ᠠᠭᠤᠳᠠᠮᠬᠠᠨ ᠠᠮᠤᠷᠵᠢᠳᠠᠭ
ᠦᠨᠡᠨᠳᠡᠭᠡᠨ ᠪᠢᠳᠠ
ᠬᠤᠯᠠ ᠥᠭᠡᠢ
ᠦᠨᠡᠨ ᠶᠢᠡᠷ ᠵᠠᠶᠠᠭᠠᠭᠰᠠᠨ
ᠮᠤᠩᠭ᠋ᠤᠯ ᠣᠯᠤᠰ ᠤᠳ ᠡ ︕
2012 02 .11
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12037
ᠴᠠᠭ᠄ 2012 ᠤᠨ ᠤ 02 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ