☆ ᠭᠠᠯ
ᠨᠠᠢ᠌ᠵᠠ ᠮᠢᠨᠢ ᠢᠷᠡᠭᠡᠰᠡᠢ
ᠡᠪᠦᠯ ᠤᠨ ᠭᠦᠨ ᠰᠦᠨᠢ ᠶᠢ ᠪᠣᠳᠤᠯ ᠮᠢᠨᠢ ᠵᠦᠰᠤᠨᠠ
ᠡᠪᠠᠰᠤᠨ ᠤ ᠭᠦᠨ ᠨᠠᠮᠤᠷ ᠢ ᠭᠢᠰᠠᠯ ᠮᠢᠨᠢ ᠭᠦᠰᠡᠨ᠎ᠡ
ᠡᠭᠡ ᠣᠷᠤᠨ ᠤ ᠵᠡᠭᠦᠳᠤ ᠶᠢ ᠴᠢᠰᠤᠨ ᠳᠠᠭᠠᠨ ᠮᠠᠨᠠᠵᠤ
ᠡᠵᠡᠨ ᠮᠠᠳᠠᠯ ᠤᠨ ᠳᠤᠭ ᠪᠠᠨ (ᠵᠢᠡᠨ) ᠵᠢᠷᠦᠭᠡᠨ ᠳᠡᠭᠡᠨ ᠳᠠᠭᠢᠨ᠎ᠠ
ᠨᠠᠢ᠌ᠵᠠ ᠮᠢᠨᠢ ᠢᠷᠡᠭᠡᠰᠡᠢ ᠭᠡᠵᠤ
ᠨᠠᠢ᠌ᠮᠠᠨ (ᠨᠢ᠋ᠮᠠᠨ) ᠵᠠᠭᠤᠨ ᠳᠠᠭᠠᠨ ᠪᠢ ᠬᠤᠷᠣᠢ᠌ᠯᠠᠨ᠎ᠠ
ᠨᠠᠢ᠌ᠵᠠ ᠮᠢᠨᠢ ᠢᠷᠡᠭᠡᠰᠡᠢ ᠭᠡᠵᠤ
ᠨᠠᠢ᠌ᠮᠠᠨ (ᠨᠢ᠋ᠮᠠᠨ) ᠰᠢᠷᠭ᠎ᠠ ᠪᠠᠷ ᠪᠢ ᠳᠤᠪᠳᠤᠯᠤᠨᠠ
ᠨᠠᠷᠠᠨ ᠤ ᠳᠠᠯ᠎ᠠ ᠳᠤ ᠳᠡᠯᠭᠡᠷᠡᠭ᠍ᠰᠡᠨ
ᠨᠠᠢ᠌ᠷᠠᠭ ᠤᠨ ᠣᠯᠠᠭᠠᠨ ᠮᠦᠴᠢᠷ ᠲᠤ
ᠨᠠᠮᠤᠷ ᠤᠨ ᠴᠡᠩᠭᠡᠷ ᠳᠤᠯᠭᠢᠶᠠᠨ
ᠨᠠᠰᠤᠨ ᠳᠠᠭᠠᠨ ᠣᠭᠢᠯᠠᠵᠤ ᠥᠩᠭᠡᠷᠡᠭᠦ ᠶᠢ
ᠨᠠᠮ᠎ᠠ ᠪᠠᠨ ᠢᠳᠡᠭᠡᠪᠠᠯ ᠨᠠᠢ᠌ᠵᠠ ᠮᠢᠨᠢ
ᠨᠠᠪᠴᠢ ᠪᠦᠷᠢ ᠶᠢᠨ ᠭᠢᠨᠢ ᠨᠤᠭᠤᠭᠠᠨ ᠥᠩᠭᠡᠨ ᠳᠤ
ᠨᠤᠳᠤᠭ ᠤᠨ ᠵᠡᠭᠦᠳᠤ ᠪᠠᠨ ᠰᠢᠩᠭᠡᠭᠡᠵᠤ ᠶᠠᠪᠣᠭᠠᠷᠠᠢ᠂᠂
ᠨᠠᠷᠠᠨ ᠤ ᠳᠤᠤᠷ᠎ᠠ ᠰᠡᠭᠦᠳᠡᠷ ᠡᠷᠢᠭ᠍ᠰᠡᠨ ᠡᠪᠦᠯ
ᠨᠠᠷᠠᠰᠤᠨ ᠤ ᠳᠡᠭᠡᠷ᠎ᠡ ᠣᠮᠤᠭ ᠭᠡᠢ᠌ᠭᠦᠭ᠍ᠰᠡᠨ ᠬᠠᠪᠣᠷ
ᠡ᠊ᠨᠳᠡ ᠡᠴᠡ ᠳᠠᠮᠠᠢ ᠬᠤᠯᠠ ᠦᠭᠡᠶ ᠪᠠᠢ᠌ᠨᠠᠮ ᠨᠠᠢ᠌ᠵᠠ ᠮᠢᠨᠢ ︕
ᠡᠷᠭᠦᠨ᠎ᠡ ᠶᠢᠨ ᠬᠤᠨ ᠤ ᠭᠠᠩᠬᠤᠭᠠᠨ
ᠡᠷᠭᠢ ᠪᠠᠨ ᠳᠡᠯᠡᠭ᠍ᠰᠡᠨ ᠥᠭᠡᠯᠤᠨ ᠡᠴᠡ ᠡᠭᠢᠯᠡᠨ᠎ᠡ
ᠡᠭᠡ ᠣᠷᠤᠨ ᠡᠷ᠎ᠡ ᠭᠦᠮᠤᠨ
ᠡᠵᠢ ᠬᠠᠢ᠌ᠷ᠎ᠠ ᠡᠷᠭᠡ ᠴᠢᠯᠦᠭᠡ ᠡ᠊ᠨᠳᠡ ᠡᠴᠡ ᠡᠭᠢᠯᠡᠨ᠎ᠡ
ᠨᠠᠢ᠌ᠵᠠ ᠮᠢᠨᠢ ︕ ᠨᠠᠳᠠ ᠳᠠᠭᠠᠨ ᠢᠷᠡᠭᠡᠰᠡᠢ ︕
ᠨᠠᠷᠠᠨ ᠳᠡᠯᠡᠭᠡᠢ ᠮᠤᠩᠭ᠋ᠤᠯ ᠳᠠᠭᠠᠨ
ᠨᠠᠷᠠ ᠡᠷᠭᠦᠭᠦ ᠪᠠᠷ ᠯᠠ ᠢᠷᠡᠭᠡᠰᠡᠢ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ
ᠨᠠᠢ᠌ᠷᠠᠭᠤᠯᠤᠭᠴᠢ ᠡᠴᠡ ᠰᠠᠨᠠᠭᠤᠯᠬᠤ ᠨᠢ ᠄ ᠬᠠᠭᠠᠯᠳᠠ ᠳᠤ ᠪᠢᠴᠢᠭ᠍ᠰᠡᠨ ᠮᠢᠨᠢ ᠵᠦᠪ ᠪᠢᠴᠢᠯᠭᠡ ᠨᠢ ᠪᠢᠯᠢᠤ ᠭᠡᠵᠤ ᠪᠣᠳᠤᠬᠤ ᠳᠠᠭᠠᠨ ᠴᠤᠬᠤᠯᠠᠪᠣᠷᠢᠯᠠᠪᠠ᠃ ᠭᠡᠷᠪᠡ ᠴᠤᠬᠤᠯᠠᠪᠤᠷᠢᠯᠠᠭᠰᠠᠨ ᠮᠢᠨᠢ ᠵᠦᠪ ᠪᠣᠯ᠂ ᠳᠠᠭᠢᠵᠤ ᠵᠤᠬᠢᠶᠠᠯ ᠶᠢᠡᠨ ᠡᠭᠡ ᠪᠢᠴᠢᠭ᠌ ᠶᠢᠡᠷ ᠳᠤᠰᠢᠶᠠᠬᠤ ᠡᠴᠡ ᠪᠠᠨ ᠡᠮᠦᠨ᠎ᠡ ᠰᠠᠢ᠌ᠨ ᠭᠢᠨᠠᠭᠠᠷᠠᠢ᠃
ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ