☆ ᠰᠣ᠊·ᠦᠨᠡᠠᠴᠢ
ᠠᠮᠢᠳᠤᠷᠠᠯ ᠪᠣᠯ ᠳᠤᠭᠠᠨ ᠤ ᠣᠬᠠᠭᠠᠨ
ᠠᠮᠢᠳᠤᠷᠠᠯ ᠪᠣᠯ
ᠠᠳᠠᠯᠢ ᠪᠣᠰᠤ ᠬᠠᠷᠢᠭᠤ ᠳᠠᠢ
ᠡᠡᠯᠭᠧᠪᠷᠡ ᠶᠢᠨ ᠭᠦᠴᠢᠷᠳᠤ ᠰᠠᠳᠤᠪ
ᠠᠮᠢᠳᠤᠷᠠᠯ ᠪᠣᠯ
ᠭᠡᠷᠴᠢᠮ ᠰᠠᠴᠤᠷᠠᠭ ᠢ ᠪᠠᠭᠳᠠᠭᠠᠭᠰᠠᠨ
ᠭᠧᠦᠮᠸᠲ᠋ᠸᠷ ᠤᠨ ᠵᠢᠷᠤᠭ ᠳᠦᠷᠰᠦ
ᠠᠮᠢᠳᠤᠷᠠᠯ ᠪᠣᠯ
ᠦᠯᠦ ᠮᠡᠳᠡᠭᠦ ᠳᠤᠭ᠎ᠠ ᠠᠭᠤᠯᠤᠭᠰᠠᠨ
ᠳᠡᠩᠴᠤᠨᠭᠡᠯ
ᠠᠮᠢᠳᠤᠷᠠᠯ ᠪᠣᠯ
ᠥᠵᠦᠭᠦᠷ ᠭᠢᠵᠠᠭᠠᠷ ᠦᠭᠡᠶ ᠥᠷᠭᠦᠯᠵᠢᠯᠡᠭ᠍ᠰᠡᠨ
ᠰᠢᠯᠤᠭᠤᠨ
ᠠᠮᠢᠳᠤᠷᠠᠯ ᠪᠣᠯ
ᠡᠷᠳᠡᠮᠳᠡᠨ ᠰᠤᠳᠤᠯᠭᠠᠳᠠᠨ ᠤ ᠢᠯᠡᠷᠡᠭᠦᠯᠦᠭ᠍ᠰᠡᠨ
ᠢᠯᠠᠶᠤᠰᠤ
ᠠᠮᠢᠳᠤᠷᠠᠯ ᠪᠣᠯ
ᠡᠭᠦᠷᠢᠳᠡ ᠬᠤᠪᠢᠷᠠᠬᠤ ᠥᠭᠡᠢ
ᠪᠠᠳᠤᠶᠤᠰᠤ
ᠠᠮᠢᠳᠤᠷᠠᠯ ᠪᠣᠯ
ᠳᠦᠷᠪᠡᠨ ᠳᠠᠯ᠎ᠠ ᠨᠢ ᠲᠡᠩᠴᠡᠬᠦᠤ
ᠳᠡᠭ᠍ᠰᠢ ᠳᠦᠷᠪᠡᠯᠵᠢᠨ
ᠠᠮᠢᠳᠤᠷᠠᠯ ᠪᠣᠯ
ᠬᠤᠶᠠᠷ ᠳᠠᠰᠢ ᠳᠡᠯᠡᠭ᠍ᠳᠡᠭ᠍ᠰᠡᠨ
ᠳᠡᠯᠭᠡᠮᠡᠯ ᠥᠡᠴᠦᠭ᠌
ᠠᠮᠢᠳᠤᠷᠠᠯ ᠪᠣᠯ
ᠭᠡᠮᠵᠢᠶ᠎ᠡ ᠦᠭᠡᠶ ᠥᠷᠭᠦᠯᠵᠢᠯᠡᠭ᠍ᠰᠡᠨ
ᠪᠠᠢ᠌ᠭᠠᠯᠢ ᠳᠤᠭ᠎ᠠ
ᠠᠮᠢᠳᠤᠷᠠᠯ ᠪᠣᠯ
ᠭᠢᠵᠠᠭᠠᠷ ᠦᠭᠡᠶ ᠥᠶᠡᠯᠡᠭ᠍ᠰᠡᠨ
ᠠᠷᠪᠠᠳᠤ ᠶᠢᠨ ᠪᠣᠳᠠᠷᠬᠠᠢ
ᠠᠮᠢᠳᠤᠷᠠᠯ ᠪᠣᠯ
ᠠᠮᠵᠢᠯᠳᠠ ᠠᠯᠳᠠᠭ᠎ᠠ ᠶᠢ ᠳᠡᠮᠳᠡᠭᠯᠡᠭ᠍ᠰᠡᠨ
ᠡᠶᠡᠷᠭᠦ ᠰᠥᠭᠡᠷᠭᠦ ᠽᠢᠹᠷ
ᠠᠮᠢᠳᠤᠷᠠᠯ ᠪᠣᠯ
ᠶᠠᠳᠠᠭᠤ ᠪᠠᠶᠠᠨ ᠢ ᠠᠳᠠᠯᠢᠤᠠᠬᠠᠭᠰᠠᠨ
ᠶᠡᠭᠡ ᠪᠠᠭ᠎ᠠ ᠶᠢᠨ ᠳᠡᠮᠳᠡᠭ᠌
ᠠᠮᠢᠳᠤᠷᠠᠯ ᠪᠣᠯ
ᠵᠢᠷᠭᠠᠯ ᠵᠤᠪᠠᠯᠠᠩ ᠢ ᠬᠠᠮᠳᠤᠷᠠᠭᠤᠯᠤᠭᠰᠠᠨ
ᠪᠣᠳᠠᠭᠠᠯᠢ ᠳᠤᠭᠠᠨ ᠤ ᠴᠤᠭᠯᠠᠷᠠᠯ
ᠠᠮᠢᠳᠤᠷᠠᠯ ᠪᠣᠯ
ᠦᠨᠳᠦᠷ ᠪᠣᠭᠤᠨᠢ ᠶᠢ ᠬᠠᠷᠢᠴᠠᠭᠤᠯᠤᠭᠰᠠᠨ
ᠪᠦᠭᠡᠷᠡᠩᠭᠡᠢ ᠪᠠᠭᠠᠨ᠎ᠠ ᠶᠢᠨ ᠵᠢᠭᠰᠠᠯ
ᠠᠮᠢᠳᠤᠷᠠᠯ ᠪᠣᠯ
ᠬᠠᠭᠠᠬᠤ ᠳᠤ ᠭᠦᠴᠢᠷ
ᠬᠠᠰᠢᠯᠳᠠ ᠶᠢᠨ ᠳᠡᠮᠳᠡᠭ᠌
ᠠᠮᠢᠳᠤᠷᠠᠯ ᠪᠣᠯ
ᠬᠠᠯᠠᠭᠤᠨ ᠭᠦᠢᠳᠡᠨ ᠊ᠤ
ᠬᠠᠷᠢᠴᠠᠯ ᠤᠨ ᠭᠡᠮᠵᠢᠭ᠍ᠳᠡᠯ
ᠠᠮᠢᠳᠤᠷᠠᠯ ᠪᠣᠯ
ᠠᠵᠢᠯ ᠤᠨ ᠪᠦᠳᠦᠮᠵᠢ ᠶᠢ ᠳᠡᠮᠳᠡᠭᠯᠡᠭ᠍ᠰᠡᠨ
ᠳᠠᠭᠢᠷ ᠱᠤᠭᠤᠮ ᠤᠨ ᠪᠦᠷᠢᠦᠡᠭᠡᠯ ᠤᠨ ᠵᠢᠷᠤᠭ
ᠠᠮᠢᠳᠤᠷᠠᠯ ᠪᠣᠯ
ᠠᠯᠬᠤᠮ ᠬᠤᠪᠢᠶᠠᠵᠤ ᠪᠣᠳᠤᠭᠰᠠᠨ ᠳᠦᠷᠪᠠᠨ ᠣᠢ᠌ᠯᠠᠳᠤᠯ ᠤᠨ ᠬᠤᠯᠢᠯᠳᠤᠭᠰᠠᠨ ᠪᠣᠳᠤᠯᠭ᠎ᠠ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2009 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ