☆ ᠨᠡᠷᠡᠡᠭᠡᠷᠡᠯ
ᠰᠤᠷᠤᠭᠴᠢᠳ ᠤᠨ ᠰᠢᠯᠢᠳᠡᠭ᠌ ᠰᠠᠢ᠌ᠨ ᠰᠤᠷᠤᠯᠴᠠᠬᠤ ᠳᠠᠤᠠᠬᠠᠯ ᠢ ᠭᠦᠮᠦᠵᠢᠭᠦᠯᠭᠦ ᠳᠤᠬᠠᠢ ᠰᠡᠳᠭᠢᠭ᠍ᠳᠡᠯ
《ᠨᠢᠭᠡ ᠲᠦᠷᠦᠯ ᠤᠨ ᠡᠭᠡ ᠡᠴᠢᠭᠡ᠂ ᠠᠷᠪᠠᠨ ᠲᠦᠷᠦᠯ ᠤᠨ ᠪᠠᠭᠰᠢ》 ᠭᠡᠳᠡᠭ᠌ ᠶᠢᠡᠷ ᠪᠠᠭᠰᠢ ᠪᠣᠯᠤᠭᠰᠠᠤᠨ ᠤᠨ ᠡᠭᠦᠷᠭᠡ ᠳᠠᠷᠬᠠᠨ᠂ ᠬᠠᠷᠢᠭᠤᠴᠠᠯᠭ᠎ᠠ ᠨᠦᠰᠠᠷ ᠪᠠᠢ᠌ᠨ᠎ᠠ᠃
ᠪᠠᠭᠰᠢ ᠭᠦᠮᠤᠨ ᠡᠷᠳᠡᠮ ᠢ ᠵᠢᠭᠠᠵᠤ᠂ ᠶᠤᠰᠤ ᠶᠢ ᠣᠯᠠᠮᠵᠢᠯᠠᠨ᠂ ᠰᠤᠷᠤᠭᠴᠢ ᠶᠢ ᠭᠦᠮᠦᠵᠢᠭᠦᠯᠭᠦ ᠪᠠᠷ ᠣᠢ᠌ᠯᠠᠰ ᠤᠨ ᠶᠢᠡᠨ ᠠᠮᠢᠨ ᠰᠦᠨᠠᠰᠤ ᠪᠣᠯᠭᠠᠳᠠᠭ ᠡᠴᠡ ᠳᠠᠶᠠᠭᠠᠷ ᠤᠨ ᠳᠤᠮᠳᠠ ᠣᠶᠤᠨ ᠤ ᠢᠨᠵᠧᠨᠧᠷ ᠭᠡᠵᠤ ᠳᠠᠭᠤᠷᠢᠰᠳᠠᠭ᠃ ᠪᠢ ᠣᠢ᠌ᠯᠠᠰ ᠶᠢᠡᠨ ᠭᠦᠡᠳᠦᠦᠡᠭᠡᠨ᠂ ᠠᠵᠢᠯ ᠶᠢᠡᠨ ᠡᠷᠭᠢᠮᠨᠡᠵᠤ ᠶᠠᠪᠣᠬᠤ ᠳᠠᠭᠠᠨ ᠰᠤᠷᠤᠭᠴᠢᠳ ᠤᠨ ᠰᠢᠯᠢᠳᠡᠭ᠌ ᠰᠠᠢ᠌ᠨ ᠰᠤᠷᠤᠯᠴᠠᠬᠤ ᠳᠠᠤᠠᠬᠠᠯ ᠢ ᠭᠦᠮᠦᠵᠢᠭᠦᠯᠭᠦ ᠶᠢ ᠣᠠᠴᠠ ᠳᠡᠭᠡᠳᠦᠯᠡᠳᠡᠭ᠌᠃
1.ᠰᠤᠷᠤᠭᠴᠢᠳ ᠤᠨ ᠰᠤᠷᠤᠯᠴᠠᠬᠤ ᠪᠠᠬ᠎ᠠ ᠶᠢ ᠭᠦᠭ᠍ᠵᠢᠭᠡᠭᠦ ᠴᠢᠬᠤᠯᠠ ᠲᠡᠶ᠃
ᠳᠤᠷ᠎ᠠ ᠪᠠᠬ᠎ᠠ ᠪᠣᠯ ᠬᠠᠮᠤᠭ ᠤᠨ ᠰᠠᠢ᠌ᠨ ᠪᠠᠭᠰᠢ ᠮᠦᠨ᠃ ᠰᠤᠷᠤᠭᠴᠢᠳ ᠤᠨ ᠰᠤᠷᠤᠯᠴᠠᠬᠤ ᠳᠤᠳᠤᠭᠠᠳᠤ ᠭᠦᠳᠡᠯᠭᠡᠭᠦ ᠭᠦᠴᠤ ᠮᠥᠨ ᠪᠦᠭᠡᠤᠨ ᠣᠬᠠᠮᠰᠠᠷ ᠡᠴᠡ ᠪᠠᠨ ᠰᠤᠷᠤᠯᠴᠠᠬᠤ ᠶᠢᠨ ᠡᠭᠢᠯᠡᠯᠳᠡ ᠮᠦᠨ᠃ ᠪᠠᠰᠠ ᠴᠤ ᠨᠡᠭᠡᠭᠡᠯᠳᠡ ᠪᠦᠳᠦᠭᠡᠯᠳᠡ ᠶᠢᠨ ᠣᠶᠤᠨ ᠰᠠᠠᠭᠠᠨ ᠤ ᠡᠭᠢ ᠰᠤᠷᠪᠣᠯᠵᠢ ᠮᠦᠨ᠃ ᠡᠭᠦᠨ ᠳᠤ ᠭᠢᠴᠢᠶᠠᠯ ᠤᠨ ᠠᠭᠤᠯᠭ᠎ᠠ ᠪᠦᠷᠢ ᠳᠤ ᠵᠤᠭᠢᠴᠠᠭᠤᠯᠵᠤ ᠰᠤᠷᠤᠭᠴᠢ ᠶᠢᠨ ᠳᠤᠷ᠎ᠠ ᠪᠠᠬ᠎ᠠ ᠶᠢ ᠭᠦᠭ᠍ᠵᠢᠭᠡᠭᠦ ᠶᠢ ᠠᠩᠬᠠᠷᠪᠠᠯ ᠵᠤᠭᠢᠨ᠎ᠠ᠃ ᠵᠢᠱᠢᠶᠠᠯᠠᠪᠠᠯ᠄ ᠠᠭᠠᠷ ᠮᠠᠠᠳᠠᠯ ᠤᠨ ᠳᠤᠨᠤᠳᠤᠰᠤᠨ ᠤ ᠳᠠᠷᠬᠠᠯᠳᠠ ᠶᠢᠨ ᠳᠤᠬᠠᠢ ᠰᠤᠷᠤᠯᠴᠠᠬᠤ ᠦᠶ᠎ᠡ ᠳᠤ 《ᠰᠠᠤᠳᠢ ᠠᠷᠠᠪ ᠣᠯᠤᠰ ᠲᠤ ᠵᠤᠴᠢᠳ ᠤᠨ ᠪᠠᠭᠤᠳᠠᠯ ᠨᠢ ᠣᠠᠳᠠᠬᠤ ᠣᠷᠤ ᠪᠠᠨ ᠠᠰᠠᠷ ᠤᠨ ᠣᠷᠤᠢ ᠳᠤ ᠳᠠᠯᠪᠢᠳᠠᠭ ᠨᠢ ᠶᠠᠭᠤ ᠪᠣᠯ ᠡ︖》 ᠭᠡᠵᠤ ᠳᠠᠳᠠᠨ ᠤ ᠰᠤᠷᠬᠤ ᠣᠷᠮ᠎ᠠ ᠶᠢ ᠳᠠᠳᠠᠵᠤ ᠪᠣᠯᠤᠨ᠎ᠠ᠃
ᠳᠤᠷ᠎ᠠ ᠪᠠᠬ᠎ᠠ ᠶᠢ ᠭᠦᠭ᠍ᠵᠢᠭᠡᠭᠦ ᠳᠡᠭᠡᠨ ᠰᠤᠷᠤᠭᠴᠢᠳ ᠲᠤ ᠰᠠᠤᠠᠭᠢᠨ ᠪᠣᠳᠤᠯᠭᠢᠯᠠᠬᠤ ᠵᠠᠪᠰᠢᠶᠠᠨ ᠣᠯᠭᠤᠬᠤ ᠭᠡᠷᠡᠭ᠍ᠳᠡᠢ᠃ ᠪᠠᠭᠰᠢ ᠳᠠᠢ᠌ᠯᠪᠣᠷᠢᠯᠠᠨ ᠵᠢᠭᠠᠬᠤ ᠪᠠ ᠰᠡᠩᠭᠡᠷᠡᠭᠦᠯᠤᠨ ᠰᠡᠳᠭᠢᠭᠦᠯᠭᠦ ᠶᠢ ᠣᠷᠭᠠᠨᠢᠭ ᠶᠢᠡᠷ ᠣᠶᠠᠯᠳᠤᠭᠤᠯᠵᠤ ᠰᠤᠷᠤᠭᠴᠢᠳ ᠲᠤ ᠰᠡᠳᠭᠢᠭᠦᠯᠭᠦ ᠵᠠᠪᠰᠢᠶᠠᠨ ᠣᠯᠭᠤᠪᠠᠯ ᠰᠠᠶᠢ 《ᠴᠢᠤᠠᠬᠤᠮᠠᠯ》 ᠵᠢᠭᠠᠬᠤ ᠠᠷᠭ᠎ᠠ ᠡᠴᠡ ᠮᠤᠯᠳᠤᠷᠠᠵᠤ ᠴᠢᠳᠠᠨ᠎ᠠ᠃
2.ᠰᠤᠷᠴᠤ ᠴᠡᠭᠡᠵᠢᠯᠡᠭᠦ ᠠᠷᠭ᠎ᠠ ᠶᠢ ᠵᠢᠯᠤᠭᠤᠤᠠᠬᠤ ᠭᠡᠷᠡᠭ᠍ᠳᠡᠢ᠃
ᠭᠦᠮᠦᠰ ᠤᠨ ᠴᠡᠭᠡᠵᠢᠯᠡᠭᠦᠢ ᠨᠢ ᠨᠠᠢ᠌ᠳᠠ ᠶᠢᠨ ᠣᠠᠴᠠᠯᠢᠭ ᠲᠡᠶ ᠣᠴᠢᠷ ᠡᠴᠡ ᠪᠠᠭᠰᠢ ᠭᠢᠴᠢᠶᠠᠯ ᠳᠠᠢ᠌ᠯᠪᠣᠷᠢᠯᠠᠬᠤ ᠳᠠᠭᠠᠨ ᠦᠪᠡᠷ ᠤᠨ ᠭᠢᠴᠢᠶᠠᠯ ᠲᠦᠷᠦᠯ ᠲᠡᠶ ᠪᠠᠨ ᠬᠤᠯᠪᠣᠭᠳᠠᠭᠤᠯᠤᠨ ᠳᠦᠭᠦᠮ ᠣᠢ᠌ᠯᠭᠠᠮᠵᠢᠳᠠᠢ ᠭᠡᠯᠡᠯᠭᠡ ᠪᠠᠷ ᠳᠦᠷᠰᠦᠯᠢᠭ᠌ ᠢᠯᠡᠳᠭᠡᠭ᠍ᠰᠡᠨ ᠪᠠᠢ᠌ᠬᠤ ᠶᠢ ᠠᠩᠬᠠᠷᠴᠤ ᠳᠤᠭᠢᠳᠠᠢ ᠴᠡᠭᠡᠵᠢᠯᠡᠭᠦᠢ ᠶᠢᠨ ᠭᠡᠯᠪᠠᠷᠢ ᠶᠢ ᠰᠤᠩᠭ᠋ᠤᠵᠤ ᠳᠠᠨᠢᠯᠴᠠᠭᠤᠯᠤᠨ᠎ᠠ᠃ ᠵᠢᠱᠢᠶᠠᠯᠠᠪᠠᠯ᠄ ᠭᠠᠵᠠᠷ ᠵᠦᠢ᠌ ᠶᠢᠨ ᠠᠭᠤᠯᠭ᠎ᠠ ᠶᠢ ᠴᠡᠭᠡᠵᠢᠯᠡᠭᠦ ᠳᠡᠭᠡᠨ ᠳᠦᠷᠰᠦᠯᠢᠭ᠌ ᠴᠡᠭᠡᠵᠢᠯᠡᠭᠦᠢ ᠪᠠ ᠣᠷᠮ᠎ᠠ ᠰᠠᠤᠠᠭᠢᠯᠳᠤ ᠴᠡᠭᠡᠵᠢᠯᠡᠭᠦᠢ ᠶᠢᠨ ᠭᠡᠯᠪᠠᠷᠢ ᠪᠠᠷ ᠢᠯᠡᠭᠦᠭᠡᠨ ᠵᠢᠯᠤᠭᠤᠳᠤᠨ᠎ᠠ᠃ ᠣᠴᠢᠷ ᠨᠢ᠄ ᠳᠦᠷᠰᠦᠯᠢᠭ᠌ ᠴᠡᠭᠡᠵᠢᠯᠡᠭᠦᠢ ᠨᠢ ᠥᠵᠡᠭᠦᠯᠦᠯᠭᠡ ᠶᠢᠨ ᠳᠦᠷᠢ ᠪᠠᠷ ᠪᠠᠷᠢᠮᠳᠠ ᠪᠣᠯᠭᠠᠭᠰᠠᠨ ᠪᠣᠳᠠᠳᠤ ᠮᠠᠲ᠋ᠸᠷᠢᠶᠠᠯ ᠢ ᠪᠠᠳᠤ ᠪᠠᠭᠢ ᠴᠡᠭᠡᠵᠢᠯᠡᠵᠤ ᠴᠢᠳᠠᠳᠠᠭ᠃ ᠳᠡᠯᠡᠭᠡᠢ ᠶᠢᠨ ᠡᠷᠭᠢᠯᠳᠡ ᠶᠢᠨ ᠴᠢᠭᠯᠡᠯ ᠢ ᠴᠡᠭᠡᠵᠢᠯᠡᠭᠦ ᠳᠡᠭᠡᠨ ᠵᠡᠭᠦᠨ ᠮᠦᠷᠤ ᠪᠠᠨ ᠳᠠᠭᠠᠵᠤ ᠡᠷᠭᠢᠭᠦ ᠲᠡᠶ ᠠᠳᠠᠯᠢ ᠭᠡᠵᠤ ᠳᠦᠷᠰᠦᠯᠢᠭ᠌ ᠴᠡᠭᠡᠵᠢᠯᠡᠭᠦᠯᠦᠨ᠎ᠡ᠃
ᠣᠷᠮ᠎ᠠ ᠰᠠᠤᠠᠭᠢᠯᠳᠤ ᠴᠡᠭᠡᠵᠢᠯᠡᠭᠦᠢ ᠨᠢ ᠳᠤᠭᠳᠠᠭᠠᠵᠤ ᠦᠭᠭᠦᠭ᠍ᠰᠡᠨ ᠣᠷᠮ᠎ᠠ ᠰᠡᠳᠬᠢᠯᠭᠡ ᠶᠢᠨ ᠣᠢ᠌ᠯᠭᠠᠯᠳᠠ ᠪᠠᠷ ᠶᠢᠡᠨ ᠴᠡᠭᠡᠵᠢᠯᠡᠭ᠍ᠰᠡᠨ ᠠᠭᠤᠯᠭ᠎ᠠ ᠪᠠᠨ ᠬᠠᠳᠠᠭᠠᠯᠠᠳᠠᠭ ᠳᠤᠯᠠ ᠳᠠᠷᠠ ᠨᠢ ᠭᠠᠵᠠᠷ ᠵᠦᠢ ᠰᠤᠷᠬᠤ ᠳᠤ ᠳᠤᠳᠠᠭᠳᠠᠵᠤ ᠪᠣᠯᠤᠰᠢ ᠦᠭᠡᠶ ᠳᠦᠳᠠ ᠵᠠᠮ ᠪᠣᠯᠳᠠᠭ᠃ ᠠᠶᠠᠠᠴᠢᠳ ᠤᠨ ᠳᠡᠷᠭᠡᠨ ᠳ᠋ᠠᠭᠢ ᠰᠢᠬᠠᠯᠴᠠᠬᠤ ᠥᠵᠡᠭ᠍ᠳᠡᠯ ᠡᠴᠡ ᠳᠤᠮᠳᠠᠳᠤ ᠣᠯᠤᠰ ᠤᠨ ᠭᠦᠮᠤᠨ ᠠᠮᠠ ᠶᠢᠨ ᠨᠢᠭᠳᠠᠴᠠ ᠶᠡᠭᠡ ᠭᠡᠳᠡᠭ᠌ ᠢ ᠮᠡᠳᠡᠭᠦ ᠵᠡᠷᠭᠡ᠃
3.ᠭᠢᠴᠢᠶᠠᠯ ᠤᠨ ᠭᠠᠳᠠᠭᠤᠷ ᠢᠯᠡᠭᠦᠭᠡᠨ ᠵᠢᠯᠦᠭᠤᠳᠬᠤ ᠴᠢᠬᠤᠯᠠ ᠲᠡᠶ᠃
ᠰᠢᠯᠢᠳᠡᠭ᠌ ᠰᠠᠢ᠌ᠨ ᠰᠤᠷᠤᠯᠴᠠᠬᠤ ᠳᠠᠤᠠᠬᠠᠯ ᠤᠨ ᠪᠦᠷᠢᠯᠳᠦᠯ ᠨᠢ ᠵᠥᠪᠭᠡᠨ ᠳᠦᠴᠢᠨ ᠳᠠᠪᠤᠨ ᠮᠢᠨᠦ᠋ᠲ ᠤᠨ ᠭᠢᠴᠢᠶᠠᠯ ᠤᠨ ᠰᠤᠷᠤᠯᠴᠠᠯᠭ᠎ᠠ ᠪᠠᠷ ᠳᠠᠮᠵᠢᠨ ᠪᠠᠶᠡᠯᠡᠭ᠍ᠳᠡᠭᠦ ᠵᠣᠢ᠌ᠯ ᠪᠢᠰᠢ᠃ ᠰᠤᠷᠤᠭᠴᠢ ᠶᠢᠨ ᠰᠤᠷᠤᠯᠴᠠᠯᠭ᠎ᠠ ᠨᠢ ᠨᠤᠮ ᠡᠴᠡ ᠰᠤᠷᠬᠤ᠂ ᠠᠮᠢᠳᠤᠷᠠᠯ ᠡᠴᠡ ᠰᠤᠷᠬᠤ᠂ ᠨᠡᠢ᠌ᠭᠡᠮ ᠡᠴᠡ ᠰᠤᠷᠬᠤ ᠳᠤ ᠰᠠᠭᠤᠷᠢᠯᠠᠳᠠᠭ᠃ ᠣᠠᠴᠠᠭᠠᠢ᠌ᠯᠠᠨ ᠭᠠᠵᠠᠷ ᠵᠦᠢ᠌ ᠶᠢᠨ ᠭᠢᠴᠢᠶᠠᠯ ᠤᠨ ᠠᠭᠤᠯᠭ᠎ᠠ ᠨᠢ ᠨᠡᠢ᠌ᠭᠡᠮ᠂ ᠪᠠᠢ᠌ᠭᠠᠯᠢ ᠶᠢᠨ ᠥᠵᠡᠭ᠍ᠳᠡᠯ ᠲᠡᠶ ᠨᠠᠪᠴᠢᠳᠠᠯᠳᠠᠢ ᠳᠤᠯᠠ ᠠᠵᠠ ᠲᠤᠬᠢᠶᠠᠯ ᠠᠭᠤᠯᠴᠠᠭᠰᠠᠨ ᠳᠠᠷᠠ ᠊ᠭ᠍ᠱᠡᠨ ᠳᠤ ᠰᠤᠷᠤᠭᠴᠢ ᠶᠢ ᠵᠢᠯᠤᠭᠤᠤᠠᠴᠤ ᠰᠡᠩᠭᠡᠷᠡᠭᠦᠯᠭᠦ ᠶᠢ ᠰᠠᠨᠠᠭᠠᠯᠵᠠᠬᠤ ᠴᠢᠬᠤᠯᠠ ᠲᠡᠶ᠃ ᠵᠢᠱᠢᠶᠠᠯᠠᠪᠠᠯ᠄ ᠬᠠᠪᠣᠷ ᠤᠨ ᠡᠯᠡᠰᠤᠨ ᠰᠢᠭᠤᠷᠭ᠎ᠠ ᠳᠡᠭ᠍ᠳᠡᠭᠦ ᠲᠡᠶ ᠵᠡᠷᠭᠡ ᠰᠤᠷᠤᠭᠴᠢᠳ ᠢ ᠵᠤᠬᠢᠶᠠᠨ ᠪᠠᠢ᠌ᠭᠤᠯᠵᠤ ᠴᠠᠭ ᠠᠭᠤᠷ ᠤᠨ ᠪᠠᠢ᠌ᠳᠠᠯ ᠢ ᠠᠵᠢᠭᠯᠠᠭᠤᠯᠬᠤ ᠨᠢ ᠭᠢᠴᠢᠶᠠᠯ ᠤᠨ ᠴᠠᠭ ᠲᠤ ᠭᠡᠢ᠌ᠰᠪᠦᠷᠢ ᠪᠠᠷ ᠶᠠᠷᠢᠭᠰᠠᠨ ᠡᠴᠡ ᠬᠤᠪᠢ ᠳᠠᠭᠢᠨ ᠦᠷ᠎ᠡ ᠠᠰᠢᠭ ᠲᠡᠶ ᠪᠠᠢ᠌ᠳᠠᠭ᠃
ᠪᠠᠭᠰᠢ ᠪᠣᠯᠤᠭᠰᠠᠤᠨ ᠭᠦᠯᠢᠴᠡᠩᠭᠦᠢ ᠣᠪᠣᠷ᠂ ᠳᠠᠰᠪᠣᠷᠢ ᠵᠤᠷᠢᠭ ᠶᠢᠡᠷ ᠰᠤᠷᠤᠭᠴᠢᠳ ᠤᠨ ᠰᠢᠯᠢᠳᠡᠭ᠌ ᠰᠠᠢ᠌ᠨ ᠰᠤᠷᠤᠯᠴᠠᠬᠤ ᠳᠠᠤᠠᠬᠠᠯ ᠢ ᠣᠳᠠᠭᠠᠨ ᠳᠠᠭᠠᠭᠠᠮᠠᠢ ᠪᠠᠷ ᠭᠦᠮᠦᠵᠢᠭᠦᠯᠭᠦ ᠭᠡᠷᠡᠭ᠍ᠳᠡᠢ᠃
ᠨᠢ᠋ᠮᠠᠨ ᠬᠤᠰᠢᠭᠤᠨ ᠤ ᠪᠠᠢ᠌ᠰᠢᠩᠳᠤ ᠮᠤᠩᠭ᠋ᠤᠯ ᠳᠤᠮᠳᠠᠳᠤ ᠰᠤᠷᠭᠠᠭᠤᠯᠢ ᠶᠢᠨ ᠨᠡᠷᠡᠡᠭᠡᠷᠡᠯ
ᠵᠤᠬᠢᠶᠠᠭᠴᠢ᠄ ᠨᠡᠷᠡᠡᠭᠡᠷᠡᠯ
ᠢᠷᠡᠯᠲᠡ᠄ ᠠᠯᠳᠠᠷᠳᠤ
ᠬᠠᠷᠢᠶ᠎ᠠ᠄
ᠪᠠᠭᠰᠢ ᠶᠢᠨ ᠬᠠᠨᠢᠳᠠᠷᠤᠮ᠄ 7783
ᠴᠠᠭ᠄ 2007 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ