ᠨᠡᠪᠲᠡᠷᠡᠨ ᠤᠷᠤᠬᠤ
ᠪᠣᠯᠵᠤᠮᠤᠷ ᠤᠳ ᠡ

ᠪᠣᠯᠵᠤᠮᠤᠷ᠂   ᠪᠣᠯᠵᠤᠮᠤᠷ ᠤᠳ ᠡ

ᠪᠣᠳᠠᠨ ᠤ ᠡᠩᠭᠡᠷ ᠤᠨ ᠮᠠᠨᠠᠭᠠᠴᠢ ᠦᠦ︖

ᠪᠣᠷᠭᠠᠰᠤᠨ ᠰᠠᠯᠠᠭᠠᠨ ᠤ ᠡᠵᠡᠨ ᠦᠦ︖


ᠪᠣᠯᠵᠤᠮᠤᠷ᠂   ᠪᠣᠯᠵᠤᠮᠤᠷ ᠤᠳ ᠡ

ᠭᠡᠷ ᠤᠨ ᠰᠠᠷᠠᠪᠴᠢᠨ ᠤ ᠰᠠᠭᠢᠭᠤᠰᠤ ᠦᠦ︖

ᠭᠡᠳᠦᠭᠡᠨ ᠪᠣᠳᠠᠭᠠᠨ ᠤ ᠭᠠᠷᠤᠩᠭ᠎ᠠ ᠦᠦ︖


ᠪᠣᠯᠵᠤᠮᠤᠷ᠂   ᠪᠣᠯᠵᠤᠮᠤᠷ ᠤᠳ ᠡ

ᠵᠢᠷ ᠵᠢᠷ ᠵᠢᠷᠭᠢᠭᠡ ᠴᠢᠨᠢ

ᠵᠢᠩᠭᠢᠨᠢ ᠠᠮᠢᠳᠤᠷᠠᠬᠤ ᠶᠢᠨ ᠴᠢᠨᠢ ᠣᠷᠢᠶ᠎ᠠ ᠦᠦ︖


ᠪᠣᠯᠵᠤᠮᠤᠷ᠂   ᠪᠣᠯᠵᠤᠮᠤᠷ ᠤᠳ ᠡ

ᠭᠡᠳᠡᠩ ᠭᠤᠳᠤᠩ ᠭᠦᠶ‍ᠦᠳᠡᠯ ᠴᠢᠨᠢ

ᠭᠡᠡᠵᠡ ᠪᠠᠶ᠎ᠠ ᠶᠢᠨ ᠴᠢᠨᠢ ᠠᠪᠢᠶᠠᠰ ᠦᠦ︖


ᠪᠣᠯᠵᠤᠮᠤᠷ᠂   ᠪᠣᠯᠵᠤᠮᠤᠷ ᠤᠳ ᠡ

ᠮᠠᠨᠢ ᠳᠤᠭᠠᠯᠠᠯᠳᠠ ᠶᠢᠨ ᠣᠨ ᠵᠢᠯ ᠳᠤ

ᠮᠠᠨ ᠤ ᠭᠢ ᠪᠠᠷ ᠨᠤᠳᠤᠭᠯᠠᠳᠠᠭ ᠨᠢ ᠶᠠᠭᠤᠨ︖

ᠪᠣᠯᠵᠤᠮᠤᠷ᠂   ᠪᠣᠯᠵᠤᠮᠤᠷ ᠤᠳ ᠡ

ᠬᠠᠨᠢ ᠪᠠᠨ ᠳᠠᠭᠤᠳᠠᠳᠠᠭ ᠱᠤᠯᠤᠭᠤᠨᠠᠯᠳᠠ ᠴᠢᠨᠢ

ᠬᠠᠷᠢ ᠭᠡᠯᠡᠳᠡᠨ ᠳᠤ ᠮᠡᠳᠡᠭ᠍ᠳᠡᠮ᠎ᠡ ᠭᠠᠢ᠌ᠬᠠᠯᠳᠠᠢ


ᠪᠣᠯᠵᠤᠮᠤᠷ᠂   ᠪᠣᠯᠵᠤᠮᠤᠷ ᠤᠳ ᠡ

ᠠᠮᠢᠳᠠᠨ ᠵᠢᠷᠭᠤᠭᠠᠨ ᠵᠣᠢ᠌ᠯ ᠤᠨ ᠡᠩᠨᠡᠭᠡᠨ ᠳ᠋ᠤ

ᠡᠭᠡ ᠶᠢᠨ ᠬᠠᠢ᠌ᠷ᠎ᠠ ᠪᠠᠨ ᠳᠤᠰᠢᠶᠠᠬᠤ ᠴᠢᠨᠢ ᠭᠦᠡᠳᠤ ᠳᠠᠢ


ᠪᠣᠯᠵᠤᠮᠤᠷ᠂   ᠪᠣᠯᠵᠤᠮᠤᠷ ᠤᠳ ᠡ

ᠦᠷᠤᠴᠠᠨ ᠭᠡᠰᠡᠭ᠌ ᠤᠨ ᠢᠯᠴᠢ ᠪᠠᠷ ᠵᠢᠠᠨ

ᠥᠡᠳᠡᠭᠡ ᠪᠠᠨ ᠳᠠᠷᠤᠬᠤ ᠴᠢᠨᠢ ᠦᠷᠤᠪᠳᠤᠯ ᠳᠠᠢ


ᠪᠣᠯᠵᠤᠮᠤᠷ᠂   ᠪᠣᠯᠵᠤᠮᠤᠷ ᠤᠳ ᠡ

ᠠᠩᠭ᠋ᠠᠬᠠᠢ ᠵᠤᠯᠵᠠᠭ᠎ᠠ ᠴᠢᠨᠢ ᠳᠠᠮᠤᠯᠠᠭᠳᠠᠬᠤ ᠦᠶᠡᠰ

ᠠᠷᠢᠭᠤᠨ ᠰᠠᠨᠠᠭ᠎ᠠ ᠪᠠᠷ ᠶᠢᠡᠨ ᠠᠪᠣᠷᠠᠯ ᠭᠤᠶᠤᠳᠠᠭ ᠴᠢᠨᠢ ᠣᠶᠠᠷᠠᠯᠳᠠᠢ


ᠪᠣᠯᠵᠤᠮᠤᠷ᠂   ᠪᠣᠯᠵᠤᠮᠤᠷ ᠤᠳ ᠡ

ᠪᠣᠷᠤᠬᠠᠨ ᠪᠠᠶ᠎ᠠ᠂   ᠪᠣᠷᠵᠠᠢ᠌ᠬᠤ ᠦᠳᠦ ᠲᠡᠶ ᠴᠤ

ᠪᠦᠯᠢᠶᠡᠨ ᠳᠤᠯᠠᠭᠠᠨ ᠣᠷᠴᠢᠨ ᠡᠷᠢᠳᠡᠭ᠌ ᠴᠢᠨᠢ ᠭᠦᠭᠡᠷᠦᠭᠦᠢ


ᠪᠣᠯᠵᠤᠮᠤᠷ᠂   ᠪᠣᠯᠵᠤᠮᠤᠷ ᠤᠳ ᠡ

ᠡᠳᠦᠷ᠂   ᠡᠳᠦᠷ ᠤᠨ ᠣᠷᠤᠨ ᠵᠠᠢ ᠳ᠋ᠤ

ᠣᠯᠠᠭᠤᠯᠠ ᠰᠦᠷᠦᠭᠯᠡᠭᠦ ᠴᠢᠨᠢ ᠪᠢᠰᠢᠷᠠᠯᠳᠠᠢ


ᠪᠣᠯᠵᠤᠮᠤᠷ᠂   ᠪᠣᠯᠵᠤᠮᠤᠷ ᠤᠳ ᠡ

ᠪᠦᠷ ᠥᠵᠡᠭ᠍ᠳᠡᠭᠦ ᠦᠭᠡᠶ ᠪᠣᠯ ᠥᠭᠡᠢ᠌ᠯᠡᠭ᠍ᠳᠡᠳᠡᠭ᠌ ᠡᠴᠠ

ᠪᠦᠳᠤᠨ ᠳᠡᠯᠡᠭᠡᠢ ᠶᠢᠨ ᠬᠠᠨᠢᠳᠠᠨ ᠶᠢᠡᠷ ᠣᠳᠠᠭᠠᠨ ᠵᠢᠷᠭᠠᠭᠠᠷᠠᠢ︕


ᠵᠤᠬᠢᠶᠠᠭᠴᠢ ᠶᠢᠨ ᠬᠠ‍‌ᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ