ᠨᠡᠪᠲᠡᠷᠡᠨ ᠤᠷᠤᠬᠤ
ᠨᠡᠭᠦᠳᠡᠯ ᠰᠠᠷᠠ

ᠳᠡᠭ᠍ᠷᠢ ᠶᠢᠨ ᠬᠠᠶᠠᠭᠠᠨ᠎ᠠ ᠰᠤᠷᠮᠤᠤᠰᠤ ᠨᠡᠭᠡᠭᠡᠭᠦ

ᠳᠤᠮᠤᠭ ᠤᠨ ᠬᠤᠩᠭ᠋ᠤᠷ ᠊᠊᠊᠊᠊᠊᠊᠊᠊᠊᠊᠊᠊᠊᠊   ᠭᠡᠦᠭᠡᠨ ᠰᠠᠷᠠ

ᠳᠤᠯᠤᠭᠠᠨ ᠳᠢᠪ ᠤᠨ ᠵᠡᠭᠦᠳᠤ ᠮᠠᠨᠠᠭᠰᠠᠨ

ᠳᠤᠷᠤᠨᠠᠳᠤ ᠶᠢᠨ ᠪᠣᠭᠤᠷᠤᠯ ᠊᠊᠊᠊᠊᠊᠊᠊᠊᠊᠊᠊᠊᠊᠊    ᠡᠪᠦᠭᠡᠨ ᠰᠠᠷᠠ

ᠡᠰ ᠪᠦᠭᠦᠨ ᠢ ᠮᠢᠨᠢ ᠢᠪᠠᠭᠡᠨ ᠥᠩᠭᠡᠷᠡᠭᠦ

ᠡᠩᠭᠦᠯ ᠳᠤᠩᠬᠤᠯ ᠤᠨ ᠊᠊᠊᠊᠊᠊᠊᠊᠊᠊᠊᠊᠊᠊᠊   ᠲ᠋ᠡᠨᠦᠭᠦᠯᠴᠢᠨ ᠰᠠᠷᠠ

ᠡᠭᠡ ᠣᠷᠤᠨ ᠤ ᠮᠢᠨᠢ ᠦᠷᠦᠴᠠᠨ ᠳᠡᠭᠡᠭᠦᠷ

ᠡᠷᠭᠡᠯᠡᠵᠤ ᠳᠤᠭᠯᠠᠭᠰᠠᠨ ᠊᠊᠊᠊᠊᠊᠊᠊᠊᠊᠊᠊᠊᠊᠊   ᠭᠡᠦᠭᠡᠤᠨ ᠰᠠᠷᠠ

ᠡᠮᠡᠭᠡᠤᠨ ᠤᠨ ᠥᠯᠢᠭᠡᠷ ᠲᠤ ᠱᠠᠯ ᠰᠤᠭᠳᠤᠭᠠᠤᠨ

ᠨᠡᠭᠦᠭᠦ ᠪᠠᠨ ᠮᠡᠷᠳᠡᠭᠰᠡᠨ ᠊᠊᠊᠊᠊᠊᠊᠊᠊᠊᠊᠊᠊᠊᠊   ᠥᠡᠵᠢᠭᠦᠯ ᠰᠠᠷᠠ

ᠡᠷᠦᠭᠡ ᠳᠠᠮᠵᠢᠨ ᠶᠠᠪᠣᠭᠰᠠᠭᠠᠷ

ᠢᠴᠢᠭᠦ ᠪᠠᠨ ᠮᠠᠷᠳᠠᠭᠰᠠᠨ ᠊᠊᠊᠊᠊᠊᠊᠊᠊᠊᠊᠊᠊᠊᠊   ᠭᠡᠰᠦᠭᠦᠯ ᠰᠠᠷᠠ

ᠢᠨᠠᠭ ᠬᠤᠶᠠᠷ ᠤᠨ ᠦᠨᠦᠰᠤᠯᠳᠠ ᠳ᠋ᠤ

ᠱᠠᠯ ᠰᠤᠭᠳᠤᠭᠰᠠᠨ ᠊᠊᠊᠊᠊᠊᠊᠊᠊᠊᠊᠊᠊᠊᠊   ᠭᠦᠭᠡᠷᠦᠭᠦᠨ ᠰᠠᠷᠠ

ᠢᠯᠳᠠᠮᠬᠠᠨ ᠵᠢᠭᠠᠯ ᠤᠨ ᠬᠠᠷᠠᠴᠠᠨ ᠳ᠋ᠤ

ᠮᠠᠯ ᠭᠠᠢ᠌ᠬᠠᠭᠳᠠᠭᠰᠠᠨ ᠊᠊᠊᠊᠊᠊᠊᠊᠊᠊᠊᠊᠊᠊᠊   ᠪᠦᠵᠦᠩ ᠤᠨ ᠰᠠᠷᠠ

ᠭᠦᠮᠤᠨ ᠤ ᠶ‍ᠢᠷᠳᠢᠠᠴᠤ ᠶᠢᠨ ᠵᠥᠴᠦᠭᠡ ᠶᠢ᠌

ᠭᠦᠯᠢᠶᠡᠵᠤ ᠬᠠᠷᠠᠳᠠᠭ ᠊᠊᠊᠊᠊᠊᠊᠊᠊᠊᠊᠊᠊᠊᠊   ᠭᠡᠢ᠌ᠴᠢᠨ ᠰᠠᠷᠠ

ᠭᠦᠰᠡᠯ ᠤᠨ ᠠᠯᠳᠠᠨ ᠬᠠᠷᠭᠤᠢ ᠶᠢ

ᠭᠦᠪᠦᠷᠡᠭᠦᠯᠵᠤ ᠳᠡᠮᠤᠯᠡᠭᠦ ᠊᠊᠊᠊᠊᠊᠊᠊᠊᠊᠊᠊᠊᠊᠊   ᠡᠡᠶᠡᠡᠴᠢᠨ ᠰᠠᠷᠠ

ᠰᠦ᠋ ᠲᠡᠶ ᠳᠤᠭᠤᠭ᠎ᠠ ᠳᠤ ᠳᠤᠨᠤᠯᠵᠢᠨ ᠭᠦᠪᠭᠦ

ᠣᠳᠤᠷ ᠤᠨ ᠮᠥᠩᠭᠦᠨ ᠊᠊᠊᠊᠊᠊᠊᠊᠊᠊᠊᠊᠊᠊᠊   ᠨᠡᠭᠦᠳᠡᠯ ᠰᠠᠷᠠ

ᠰᠦᠨᠢ ᠶᠢᠨ ᠣᠳᠤᠳ ᠲᠡᠶ ᠣᠷᠴᠢᠯᠠᠩ ᠰᠦᠯᠡᠭ᠍ᠰᠡᠨ

ᠪᠣᠶᠠᠨ ᠴᠠᠭᠠᠨ ᠊᠊᠊᠊᠊᠊᠊᠊᠊᠊᠊᠊᠊᠊᠊   ᠮᠤᠩᠭ᠋ᠤᠯᠵᠢᠨ ᠰᠠᠷᠠ

ᠴᠡᠮᠴᠡᠭᠡᠷ ᠦᠬᠢᠳ ᠤᠨ ᠡᠮᠨᠢᠭ᠌ ᠣᠷᠤᠭᠤᠯ ᠢ

ᠴᠡᠨᠡᠭᠯᠡᠭᠦᠯᠵᠤ ᠥᠨᠦᠰᠦᠭᠦᠯᠦᠭ᠍ᠰᠡᠨ ᠊᠊᠊᠊᠊᠊᠊᠊᠊᠊᠊᠊᠊᠊᠊   ᠬᠠᠢ᠌ᠷ᠎ᠠ ᠶᠢᠨ ᠰᠠᠷᠠ

ᠴᠡᠩᠭᠡᠯ ᠤᠨ ᠳᠠᠷᠠᠰᠤ ᠪᠠᠨ ᠬᠠᠮᠳᠤ ᠮᠥᠷᠭᠦᠯᠦᠭ᠍ᠰᠡᠨ

ᠴᠠᠴᠠᠨ ᠯᠢ ᠪᠠᠢ ᠶᠢᠨ ᠊᠊᠊᠊᠊᠊᠊᠊᠊᠊᠊᠊᠊᠊᠊   ᠣᠩᠭ᠋ᠤᠨ ᠰᠠᠷᠠ

ᠥᠯᠦᠭᠡᠢ ᠲᠡᠶ ᠨᠢᠯᠬ᠎ᠠ ᠶᠢ ᠦᠨᠦᠰᠤᠨ ᠳᠠᠭᠠᠯᠠᠨ

ᠥᠭᠡᠯᠡᠢ ᠪᠣᠯᠬᠤ ᠶᠢ ᠢᠷᠦᠭᠡᠳᠡᠭ᠌ ᠊᠊᠊᠊᠊᠊᠊᠊᠊᠊᠊᠊᠊᠊᠊   ᠵᠥᠩ ᠤᠨ ᠰᠠᠷᠠ

ᠥᠳᠡᠯᠦᠭᠡ ᠪᠣᠭᠤᠷᠤᠯ ᠤᠨ ᠰᠠᠠᠴᠢᠭ ᠢᠯᠪᠢᠨ

ᠮᠥᠩᠭᠡᠷᠡᠭᠦ ᠶᠢ ᠵᠡᠯᠪᠠᠷᠢᠭ᠍ᠰᠡᠨ ᠊᠊᠊᠊᠊᠊᠊᠊᠊᠊᠊᠊᠊᠊᠊   ᠪᠤᠷᠬᠠᠨ ᠰᠠᠷᠠ

ᠮᠤᠷᠢᠳᠠᠨ ᠳᠠᠯ᠎ᠠ ᠶᠢᠨ ᠳᠤᠪᠳᠤᠯᠭᠠᠨ ᠳ᠋ᠤ

ᠣᠮᠤᠭ ᠡᠴᠡᠭᠦ ᠊᠊᠊᠊᠊᠊᠊᠊᠊᠊᠊᠊᠊᠊᠊   ᠬᠤᠨᠤᠭᠯᠠᠬᠤ ᠶᠢᠨ ᠰᠠᠷᠠ

ᠮᠥᠩᠭᠡ ᠰᠠᠷᠢᠳᠠᠭ ᠤᠨ ᠭᠢᠨᠢ ᠣᠷᠤᠢ ᠳ᠋ᠤ

ᠮᠦᠴᠢᠳ ᠥᠳᠡᠯᠡᠭᠦ ᠊᠊᠊᠊᠊᠊᠊᠊᠊᠊᠊᠊᠊᠊᠊   ᠰᠠᠨᠠᠭᠠᠯᠵᠠᠬᠤ ᠶᠢᠨ ᠰᠠᠷᠠ

ᠠᠭᠤᠳᠠᠮ ᠴᠡᠩᠭᠡᠷ ᠮᠠᠠᠳᠠᠯ ᠳ᠋ᠠᠭᠠᠨ

ᠣᠰᠠᠤᠠᠴᠤ ᠴᠢᠳᠠᠬᠤ ᠊᠊᠊᠊᠊᠊᠊᠊᠊᠊᠊᠊᠊᠊᠊   ᠣᠶᠠᠷᠠᠯ ᠤᠨ ᠰᠠᠷᠠ

ᠣᠶᠠᠬᠠᠨ ᠶᠡᠭᠡ ᠽᠠᠮᠪᠣᠯᠢᠩ ᠳ᠋ᠠᠭᠠᠨ

ᠭᠡᠢ᠌ᠵᠤ ᠴᠤ ᠴᠢᠳᠡᠬᠤ ᠊᠊᠊᠊᠊᠊᠊᠊᠊᠊᠊᠊᠊᠊᠊   ᠲ᠋ᠡᠷᠭᠡᠯᠰᠢᠭᠦ ᠶᠢᠨ ᠰᠠᠷᠠ᠃

ᠵᠤᠬᠢᠶᠠᠭᠴᠢ᠄ ᠶ‍·ᠳᠡᠯᠡᠢ᠌ᠭᠦᠤ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3686
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ