ᠨᠡᠪᠲᠡᠷᠡᠨ ᠤᠷᠤᠬᠤ
ᠭᠠᠷ ᠤᠳᠠᠰᠤ
᠊᠊᠊᠊᠊᠊᠊᠊᠊᠊᠊᠊᠊᠊᠊ ᠭᠠᠷ ᠣᠳᠠᠰᠤ ᠡᠭᠢᠯᠡᠨ ᠵᠠᠷᠤᠭᠳᠠᠵᠤ ᠭᠠᠵᠠᠷ ᠠᠪᠣᠭ᠎ᠠ ᠦᠶ᠎ᠡ ᠶᠢᠨ ᠨᠢᠭᠡᠨ ᠪᠣᠳᠠᠳᠤ ᠦᠯᠢᠭᠡᠷ ᠡᠴᠠ ᠰᠠᠳᠤᠪᠯᠠᠪᠠᠢ

ᠳᠡᠭᠡᠳᠤ ᠰᠤᠷᠭᠠᠭᠤᠯᠢ ᠳᠤ ᠢᠷᠡᠭᠦ ᠳ᠋ᠤ

ᠳᠡᠷᠭᠡᠳᠡ ᠭᠦᠮᠤᠨ ᠪᠦᠭᠦᠨ ᠭᠠᠷ ᠣᠳᠠᠰᠤ ᠲᠡᠶ

ᠳᠡᠯᠡᠭᠡᠢ᠌ᠵᠢᠭ᠍ᠰᠡᠨ ᠣᠳᠠᠰᠤ ᠪᠠᠷ ᠳᠠᠳᠠ

《ᠳᠡᠭᠡᠭᠡ ᠲᠡᠶ》 ᠵᠠᠭᠢᠳᠠᠯ ᠶᠢᠡᠨ ᠨᠢᠰᠭᠡᠨ᠎ᠡ ︕

ᠪᠢ ᠪᠠᠰᠠ ᠨᠢᠭᠡ ᠶᠢ ᠠᠪᠣᠯ᠎ᠠ

ᠪᠢᠯᠢᠭ᠌ ᠣᠬᠠᠭᠠᠨ ᠶᠢᠡᠷ ᠶᠢᠡᠨ ᠪᠢᠴᠢᠭᠯᠡᠵᠤ ᠰᠤᠷᠤᠯ᠎ᠠ

ᠪᠢᠷ ᠪᠠᠭᠢ ᠲᠡᠶ ᠨᠤᠴᠤᠯᠳᠤᠬᠤ ᠥᠭᠡᠢ

ᠪᠢᠴᠢᠭ᠌ ᠤᠨ ᠭᠡᠷᠡᠭ᠍ᠰᠡᠯ ᠴᠤ ᠵᠠᠷᠤᠬᠤ ᠥᠭᠡᠢ

ᠨᠠᠢ᠌ᠵᠠ ᠮᠢᠨᠢ ᠡᠳᠦᠷ ᠡᠴᠠ ᠡᠳᠦᠷ ᠣᠯᠠᠰᠢᠷᠠᠭᠰᠠᠭᠠᠷ

ᠨᠠᠢ᠌ᠷᠯᠠᠬᠤ ᠮᠠᠨᠢ ᠴᠠᠭ ᠤᠨ ᠴᠠᠭ ᠲᠤ ᠨᠡᠮᠡᠭ᠍ᠳᠡᠭ᠍ᠰᠡᠭᠡᠷ

ᠨᠢᠭᠡ ᠯᠠ ᠮᠡᠳᠡᠭᠦ ᠳᠤ ᠬᠠᠷᠮᠠᠨ ᠳ᠋ᠠᠭᠢ ᠮᠦᠩᠭᠦ ᠮᠢᠨᠢ ᠬᠤᠮᠰᠠᠳᠠᠭᠠᠤᠨ

ᠨᠢᠮᠪᠠᠢ᠌ᠯᠠᠵᠤ ᠪᠣᠳᠤᠬᠤ ᠳᠤ ᠭᠠᠷ ᠣᠳᠠᠰᠤ ᠮᠢᠨᠢ ᠵᠠᠯᠭᠢᠵᠠᠢ᠃

ᠳᠠᠷᠠ ᠭᠡᠭ᠍ᠴᠢ ᠭᠡᠴᠡᠭᠦᠤ ᠪᠠᠢ᠌ᠯ᠎ᠠ

ᠳᠠᠷᠠ ᠲᠡᠶ ᠳᠠᠷᠠ ᠦᠭᠡᠶ ᠣᠴᠢᠷ ᠢ

ᠳᠠᠷᠤᠭᠤᠯ ᠢ ᠨᠢ ᠭᠠᠭᠴᠠ ᠳᠠᠷᠤᠮᠠᠭᠴᠠ

ᠳᠠᠯᠳᠠ ᠡᠴᠠ ᠪᠦᠷ ᠮᠡᠳᠡᠴᠢᠭᠡᠨ᠎ᠡ᠃

ᠠᠮᠠᠷ ᠴᠤ ᠠᠮᠠᠷ ᠡᠳ᠋ ᠶᠤᠮ ᠪᠠᠢ᠌ᠨ᠎ᠠ

ᠠᠯᠵᠠᠭᠤ ᠪᠣᠯᠭᠠᠬᠤ ᠨᠢ ᠭᠡᠴᠡᠭᠦᠤ ᠯᠠ ᠶᠤᠮ ᠪᠠᠢ᠌ᠨ᠎ᠠ

ᠳᠦᠭᠦᠮ ᠴᠤ ᠳᠦᠭᠦᠮ ᠶᠤᠮ ᠪᠠᠢ᠌ᠨ᠎ᠠ

ᠳᠦᠪᠠᠭ᠌ ᠣᠴᠠᠷᠠᠭᠤᠯᠬᠤ ᠨᠢ ᠪᠠᠷᠭᠡ ᠶᠤᠮ ᠯᠠ ᠪᠠᠢ᠌ᠨ᠎ᠠ

ᠪᠠᠭᠰᠢ ᠲᠡᠶ ᠪᠠᠨ ᠬᠠᠯᠳᠤ ᠬᠠᠷᠭᠤᠯ᠎ᠠ

ᠭᠡᠯᠡᠭᠦ ᠥᠭᠡ ᠦᠭᠡᠶ ᠠᠩᠭ᠋ᠠᠯᠵᠠᠯ᠎ᠠ

ᠪᠠᠬᠠᠨ ᠰᠠᠠᠳᠤᠷᠴᠤ ᠪᠠᠢ᠌ᠬᠤ ᠳᠤ

ᠭᠡᠳᠥᠢᠨᠡᠢ ᠶᠠᠪᠣᠴᠢᠬᠠᠵᠠᠢ ︕ ᠪᠠᠭᠰᠢ ᠮᠢᠨᠢ

ᠰᠠᠯᠵᠤ ᠶᠠᠪᠣᠴᠢᠬᠠᠭᠠᠤᠨ ᠠᠷᠤ ᠡᠴᠠ ᠨᠢ

《ᠰᠠᠢ᠌ᠨᠠᠤ ︖   ᠶᠠᠭᠠᠷᠠᠤ ᠦᠦ ︖》 ᠭᠡᠵᠤ ᠵᠠᠭᠢᠳᠠᠯ ᠨᠢᠰᠭᠡᠯ᠎ᠡ᠃

ᠪᠠᠯᠠᠨ ᠪᠠᠢ᠌ᠳᠠᠭ ᠶᠠᠷᠢᠶ᠎ᠠ ᠮᠢᠨᠢ ᠭᠦᠶ‍ᠢ

ᠪᠠᠷᠭᠡᠳᠡᠵᠤ ᠭᠠᠷᠬᠤ ᠦᠭᠡᠶ ᠨᠢ ᠶᠠᠭᠠᠭᠢᠴᠢᠬᠠᠯ᠎ᠠ ᠳ᠋ᠠ ⁈

ᠬᠤᠩᠬᠤᠳᠠᠭᠠᠤᠨ ᠪᠠᠢ᠌ᠬᠤ ᠳ᠋ᠤ

ᠬᠤᠭᠢᠷᠠᠯ ᠶᠡᠭᠡ ᠶᠤᠮ ᠪᠠᠢ᠌ᠨ᠎ᠠ ︕

ᠵᠠᠭᠢᠮ ᠮᠡᠳᠡᠭᠡ ᠪᠢᠴᠢᠭᠦ ᠳ᠋ᠤ

ᠵᠠᠷᠤᠳᠠᠯ ᠴᠤ ᠪᠠᠭ᠎ᠠ ᠪᠣᠰᠤ ᠪᠠᠢ᠌ᠨ᠎ᠠ ︕

ᠨᠥᠭᠦᠤᠨ ᠡ ︕ ᠭᠠᠷ ᠣᠳᠠᠰᠤ ᠭᠡᠵᠤ ᠰᠠᠢ᠌ᠬᠠᠨ ᠶᠤᠮ

ᠭᠠᠵᠠᠷ ᠪᠦᠭᠦᠨ ᠢ ᠳᠤᠪᠴᠢᠯᠠᠵᠤ ᠪᠣᠯᠤᠨ᠎ᠠ

ᠭᠠᠳᠠᠭᠠᠳᠤ ᠳᠤᠳᠤᠭᠠᠳᠤ ᠶᠢ ᠬᠤᠯᠪᠣᠵᠤ ᠪᠣᠯᠤᠨ᠎ᠠ

ᠭᠠᠢ᠌ᠭᠤᠢ ᠰᠠᠢ᠌ᠬᠠᠨ ᠲᠦᠩᠭᠢᠨᠠᠵᠤ ᠴᠤ ᠪᠣᠯᠤᠨ᠎ᠠ

ᠭᠠᠷ ᠣᠳᠠᠰᠤ ᠪᠠᠨ ᠰᠠᠢ᠌ᠬᠠᠨ ᠵᠠᠷᠤᠶ᠎ᠠ ︕

ᠭᠠᠷᠠᠭ ᠪᠦᠷᠢ ᠨᠢᠭᠡ ᠯᠠ ᠭᠡᠷᠡᠭᠯᠡᠶ᠎ᠡ  ︕

ᠪᠣᠯᠬᠤ ᠶᠠᠭᠤᠮ᠎ᠠ ᠶᠢ ᠭᠠᠷ ᠶᠢᠡᠷ ᠶᠢᠡᠨ ᠪᠢᠴᠢᠶ᠎ᠠ ︕

ᠪᠣᠯᠵᠤᠭᠠᠨ ᠳᠠᠭᠠᠨ ᠠᠭᠤᠯᠵᠠᠭᠠᠤᠨ ᠢᠯᠡᠭᠦᠭᠡᠨ ᠶᠠᠷᠢᠯᠴᠠᠶ᠎ᠠ ︕


ᠵᠤᠬᠢᠶᠠᠭᠴᠢ ᠶᠢᠨ ᠬᠠ‍‌ᠶᠢᠭ ᠄ ᠣᠷᠠᠤᠨ ᠤᠨ ᠳᠤᠮᠳᠠᠳᠤ ᠬᠤᠰᠢᠭᠤᠨ ᠤ ᠮᠤᠩᠭ᠋ᠤᠯ ᠦᠨᠳᠦᠰᠦᠳᠠᠨ ᠤ ᠰᠤᠷᠭᠠᠭᠤᠯᠢ

ᠵᠤᠬᠢᠶᠠᠭᠴᠢ᠄ ᠡᠷᠳᠡᠨᠢᠳᠡᠯᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11535
ᠴᠠᠭ᠄ 2013 ᠤᠨ ᠤ 12 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ