☆ ᠶ·ᠲᠦᠪᠰᠢᠠᠪᠠᠶᠠᠷ
ᠭᠦᠮᠤᠨ ᠶᠤᠰᠤᠨ ᠤ ᠬᠠᠷᠢᠭᠤᠴᠠᠯᠭ᠎ᠠ
ᠨᠡᠭᠡᠷᠡᠨ ᠰᠢᠤ ᠨᠠᠢ᠌ᠳᠠ ᠮᠤᠩᠭ᠋ᠤᠯ ᠮᠢᠨᠤ
ᠨᠠᠷᠠ ᠦᠭᠡᠶ᠂ ᠭᠡᠯᠡ ᠦᠭᠡᠶ ᠪᠣᠯᠴᠢᠬᠠᠭᠠᠤᠨ
ᠨᠢ᠋ᠮᠠᠨ ᠵᠠᠭᠤᠨ ᠤ ᠳᠡᠦᠭᠡ ᠪᠠᠨ
ᠭᠡᠨ ᠳᠤ ᠭᠡᠵᠤ ᠭᠡᠯᠡᠭᠦ ᠪᠢᠯᠠ᠃
ᠨᠤᠳᠤᠭ ᠦᠭᠡᠶ᠂ ᠰᠤᠶᠤᠯ ᠦᠭᠡᠶ ᠬᠤᠴᠤᠷᠴᠢᠬᠠᠭᠠᠤᠨ
ᠨᠠᠷᠠᠳᠤ ᠶᠢᠨ ᠵᠠᠢ ᠳᠤ ᠬᠠᠮᠢᠭ᠎ᠠ ᠳᠤᠭᠳᠠᠵᠤ
ᠨᠢᠯᠬ᠎ᠠ ᠬᠣᠢ᠌ᠴᠢᠰ ᠲᠠᠭᠠᠨ ᠶᠠᠭᠤ ᠪᠠᠨ ᠥᠮᠴᠢᠯᠡᠭᠦᠯᠵᠤ
ᠶᠠᠰᠤ ᠪᠠᠨ ᠬᠠᠮᠢᠭ᠎ᠠ ᠳᠠᠯᠪᠢᠬᠤ ᠪᠢᠯᠠ᠃
ᠠᠭᠤᠤ ᠮᠤᠩᠭ᠋ᠤᠯ ᠳᠡᠭ᠍ᠷᠢ ᠮᠢᠨᠤ
ᠠᠷᠤ ᠬᠣᠢ᠌ᠨ᠎ᠠ ᠨᠢ ᠳᠡᠭᠡᠷ᠎ᠡ ᠭᠡᠵᠤ
ᠠᠩᠭ᠋᠎ᠠ ᠬᠣᠢ᠌ᠴᠢᠰ ᠶᠢᠡᠨ ᠬᠤᠳᠠᠨ ᠳᠤ ᠰᠠᠭᠤᠯᠭᠠᠵᠤ
ᠠᠪᠣ ᠰᠤᠶᠤᠯ ᠶᠢᠡᠨ ᠬᠠᠷᠢ ᠶᠢᠨ ᠭᠢ ᠪᠠᠷ ᠣᠷᠤᠯᠠᠭᠤᠯᠵᠤ
ᠬᠠᠢ᠌ᠷᠠᠨ ᠪᠦᠭᠦᠨ ᠶᠢᠡᠨ ᠮᠠᠷᠳᠠᠵᠤ ᠭᠡᠭᠡᠴᠢᠭᠡᠤᠨ
ᠥᠷᠦᠭᠡᠯ ᠪᠣᠰᠤᠳ ᠪᠣᠯᠵᠤ ᠪᠠᠢ᠌ᠬᠤ ᠳᠤ
ᠢᠮᠠᠬᠤ ᠰᠢᠷᠤᠢ ᠨᠠᠳᠠᠳᠤ ᠬᠠᠮᠢᠶ᠎ᠠ ᠦᠭᠡᠶ ᠭᠡᠵᠤ
ᠢᠳᠡᠭ᠌ ᠢᠳᠡᠭ᠌ ᠶᠢᠡᠷ ᠣᠷᠭᠢᠭᠰᠠᠭᠠᠷ
ᠢᠷᠡᠭᠡᠳᠦᠢ ᠳᠡᠭᠡᠨ ᠪᠢᠳᠠ ᠶᠠᠭᠤ ᠥᠮᠴᠢᠯᠡᠭᠦᠯᠭᠦ ᠪᠢᠯᠠ᠃
ᠬᠤᠳᠠ ᠶᠢᠨ ᠠᠮᠢᠳᠤᠷᠠᠯ ᠰᠠᠢ᠌ᠬᠠᠨ ᠭᠡᠵᠤ
ᠬᠤᠭᠤᠯᠠᠨ ᠭᠡᠷ ᠲᠤ ᠠᠵᠢᠯ ᠲᠡᠶ ᠭᠡᠵᠤ
ᠬᠤᠪᠢᠯᠤᠩ ᠭᠦᠮᠤᠨ ᠵᠤᠭᠤᠰ ᠲᠡᠶ ᠭᠡᠵᠤ
ᠬᠤᠨᠢᠴᠢᠨ ᠵᠠᠷᠤᠬᠤ ᠳᠤ ᠵᠢᠷᠭᠠᠯᠳᠠᠢ ᠭᠡᠵᠤ
ᠬᠣᠢ᠌ᠨ᠎ᠠ ᠬᠣᠢ᠌ᠨ᠎ᠠ ᠡᠴᠡ ᠪᠠᠨ ᠳᠡᠷᠪᠠᠭ᠍ᠰᠡᠭᠡᠷ
ᠬᠤᠪᠣᠷᠬᠠᠨ ᠰᠤᠶᠤᠯ ᠶᠢᠡᠨ ᠮᠠᠷᠳᠠᠭᠰᠠᠭᠠᠷ
ᠬᠤᠷᠸ᠎ᠠ ᠳᠤ ᠭᠠᠭᠴᠠᠬᠠᠨ ᠨᠤᠳᠤᠭ ᠶᠢᠡᠨ
ᠭᠡᠨ ᠳᠤ ᠭᠡᠵᠤ ᠥᠮᠴᠢᠯᠡᠭᠦᠯᠭᠦ ᠪᠢᠯᠠ᠃
ᠬᠣᠢ᠌ᠴᠢ ᠵᠠᠯᠭᠠᠮᠵᠢ ᠦᠶ᠎ᠡ ᠳᠡᠭᠡᠨ
ᠳᠡᠦᠭᠡ ᠪᠠᠨ ᠶᠠᠭᠤ ᠪᠠᠷ ᠥᠯᠡᠳᠡᠭᠡᠭᠦ ᠪᠢᠯᠠ᠃
ᠵᠤᠬᠢᠶᠠᠭᠴᠢ᠄ ᠶ·ᠲᠦᠪᠰᠢᠠᠪᠠᠶᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3312
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ