ᠨᠡᠪᠲᠡᠷᠡᠨ ᠤᠷᠤᠬᠤ
ᠢᠷᠦᠭᠡᠯ
《ᠲᠠᠯ᠎ᠠ ᠶᠢᠨ ᠪᠦᠷᠭᠦᠳ ᠰᠦᠯᠵᠢᠶ᠎ᠡ》ᠵᠢᠨ ᠱᠠᠩᠨᠠᠯ ᠤᠯᠭᠤᠬᠤ ᠶᠤᠰᠤᠯᠠᠯ ᠳᠡᠭᠡᠷ᠎ᠡ

ᠵᠧ ᠰᠦ᠋ᠯᠳ᠋ᠡ ᠲᠡᠭ᠍ᠷᠢ ᠢᠪᠡᠭᠡᠭᠦ ᠪᠤᠯᠳ᠋ᠤᠭᠠᠢ

ᠰᠦ᠋ᠯᠵᠢ᠍ᠶ᠎ᠠ ᠰᠤᠶᠤᠯ ᠮᠠᠨᠳ᠋ᠤᠬᠤ ᠪᠤᠯᠳ᠋ᠤᠭᠠᠢ

ᠠᠶᠤᠰᠢ ᠲᠤᠷᠭᠠᠨ ᠬᠠᠳ᠋ᠠᠭ ᠲᠠᠭᠠᠨ

ᠠᠰᠢ᠍ᠳ᠋ᠠ ᠵᠢᠨ ᠢᠷᠦᠭᠡᠯ ᠵᠢᠨᠨ ᠰᠢ᠍ᠩᠭᠡᠭᠡᠨ ᠪᠠᠷᠢ᠍ᠵᠤ

ᠠᠯᠳ᠋ᠠᠨ ᠮᠦ᠋ᠩᠭᠦᠨ ᠠᠶᠠᠭᠠᠨ  ᠳᠠᠭᠠᠨ

ᠠᠷᠠᠵᠠ ᠶᠤᠭᠠᠨ ᠮᠡᠯᠮᠡᠯᠵᠡᠭᠦᠯᠦᠨ ᠪᠠᠷᠢ᠍ᠵᠤ

《ᠱᠠᠨᠭ᠍ᠨᠠᠯ ᠤᠨ ᠶᠤᠰᠤᠯᠠᠯ》 ᠤᠨ ᠡᠨᠡᠬᠦ ᠲᠠᠰᠢ᠍ᠷᠠᠮ ᠳ᠋ᠥ

《ᠲᠠᠯ᠎ᠠ ᠵᠢᠨ ᠪᠦᠷᠭᠦᠳ 》 ᠰᠦ᠋ᠯᠵᠢ᠍ᠶ᠎ᠠ ᠵᠢᠨ ᠦᠷᠦᠴᠡᠨ ᠳ᠋ᠥ

ᠲᠠᠪᠠᠳ᠋ᠠᠢ ᠴᠤᠭᠯᠠᠷᠠᠨ ᠨᠠᠢ᠌ᠷᠠᠯᠳ᠋ᠤᠬᠤ ᠵᠢᠨ ᠤᠴᠢ᠍ᠷ

ᠲᠠᠭᠤᠯᠠᠯ ᠬᠦᠷᠭᠡᠨ ᠢᠷᠦᠭᠡᠯ ᠲᠡᠪᠰᠢ᠍ᠭᠦᠯᠦᠶ᠎ᠠ

ᠵᠧ ᠲᠡᠷᠢ᠍ᠭᠦᠯᠦᠨ ᠰᠡᠳ᠋ᠦᠭ᠍ᠰᠡᠨ ᠮᠤᠩᠭᠤᠯ ᠰᠦ᠋ᠯᠵᠢ᠍ᠶᠡᠨ ᠳ᠋ᠥ

《ᠲᠠᠯ᠎ᠠ ᠵᠢᠨ ᠪᠦᠷᠭᠦᠳ》ᠮᠠᠨᠢ ᠬᠤᠰᠢ᠍ᠭᠤᠷᠠᠵᠤ ᠪᠠᠢ᠌ᠯ᠎ᠠ

ᠲᠡᠭᠡᠳ᠋ᠦᠯᠡᠨ ᠰᠢ᠍ᠳ᠋ᠦᠬᠦ ᠰᠦ᠋ᠯᠵᠢ᠍ᠶ᠎ᠠ ᠵᠢᠨ ᠪᠤᠶᠠᠨ ᠳ᠋ᠥ

ᠲᠡᠯᠡᠬᠡᠢ ᠳ᠋ᠥ ᠠᠯᠳ᠋ᠠᠷᠰᠢ᠍ᠬᠤ ᠮᠦ᠋ᠩᠭᠡ ᠵᠢᠨ ᠰᠤᠶᠤᠯ

ᠲᠡᠥᠬᠡ ᠨᠠᠮᠳ᠋ᠠᠷᠳ᠋ᠤ ᠬᠤᠷᠴᠢ᠍ᠨ ᠰᠤᠶᠤᠯ ᠳ᠋ᠥ

ᠲᠡᠷᠢ᠍ᠭᠦᠯᠡᠨ ᠮᠡᠨᠳ᠋ᠦᠯᠡᠭ᠍ᠰᠡᠨ 《ᠲᠠᠯ᠎ᠠ ᠵᠢᠨ ᠪᠦᠷᠭᠦᠳ》

ᠲᠡᠯᠡᠬᠡᠢ ᠶᠢ᠍ᠷᠳ᠋ᠢ᠍ᠨᠴᠦ ᠵᠢ ᠡᠪᠭᠡᠭᠡᠳ ᠦᠵᠡᠬᠦ

ᠲᠠᠶᠠᠨᠭ᠌ ᠢ ᠲᠤᠷᠬᠢᠭᠤᠯᠤᠭᠰᠠᠨ ᠮᠤᠩᠭᠤᠯ ᠰᠦ᠋ᠯᠵᠢ᠍ᠶ᠎ᠠ

ᠪᠦᠬᠡᠡᠷᠳᠡᠨᠢ ᠠᠪᠤᠭᠠᠢ ᠵᠢᠨ ᠡᠭᠦᠰᠭᠡᠨ ᠨᠡᠭᠡᠭᠡᠭ᠍ᠰᠡᠨ

ᠪᠠᠶᠠᠰᠬᠤᠯᠠᠨᠭ᠌ ᠲᠡᠭᠦᠯᠳ᠋ᠡᠷ ᠪᠤᠰᠤᠭ᠎ᠠ ᠰᠦ᠋ᠯᠵᠢ᠍ᠶ᠎ᠠ

ᠪᠠᠳ᠋ᠠᠷᠠᠨ ᠬᠦᠭ᠍ᠵᠢ᠍ᠬᠦ ᠦᠨᠳ᠋ᠦᠰᠦᠳ᠋ᠡᠨ ᠤ ᠤᠯᠠᠮᠵᠢ᠍ᠯᠠᠯ ᠤᠨ

ᠪᠠᠬᠠᠷᠤᠮ᠎ᠠ ᠰᠠᠢ᠌ᠬᠠᠨ ᠲᠡᠥᠬᠡ ᠵᠢᠨ ᠬᠠᠭᠤᠳ᠋ᠠᠰᠤ

ᠤᠷᠤᠭᠰᠢ᠍ᠯᠠᠨ ᠲᠠᠪᠰᠢ᠍ᠭᠰᠠᠨ ᠡᠷᠢ᠍ᠨ ᠤ ᠰᠦ᠋ᠯᠵᠢ᠍ᠶ᠎ᠠ

ᠤᠷᠯᠢ᠍ᠭ ᠤᠨ ᠮᠡᠳ᠋ᠡᠷᠡᠮᠵᠢ ᠲᠡᠶ ᠮᠤᠩᠭᠤᠯ ᠶᠢ᠍ᠷᠳ᠋ᠢ᠍ᠨᠴᠦ

ᠤᠨᠳ᠋ᠤᠷᠤᠯ ᠲᠡᠭᠦᠰ ᠷᠠᠰᠢ᠍ᠶᠠᠨ ᠪᠤᠯᠠᠭ

ᠤᠳᠬ᠎ᠠ ᠪᠦᠷᠢ᠍ᠨ ᠬᠤᠷᠤᠢ ᠵᠢᠨ ᠲᠠᠯᠠᠯᠭ᠎ᠠ

《ᠪᠦᠷᠭᠦᠳ》᠊ᠤᠨ ᠭᠢᠯᠪᠠᠭᠠᠳ᠋ᠤ ᠰᠦ᠋ᠯᠳ᠋ᠡ ᠲᠡᠶ

ᠪᠤᠯᠳ᠋ᠤ ᠵᠢ ᠲᠠᠢ᠌ᠴᠢ᠍ᠯᠠᠬᠤ ᠬᠦᠴᠦᠨ ᠲᠡᠶ

《 ᠪᠦᠷᠭᠦᠳ》 ᠰᠦ᠋ᠯᠵᠢ᠍ᠶ᠎ᠠ ᠵᠢᠨ ᠠᠯᠤᠰ ᠢᠷᠡᠭᠡᠳ᠋ᠦᠢ

ᠪᠤᠶᠠᠨ ᠬᠤᠳ᠋ᠤᠭ ᠤᠷᠤᠰᠢ᠍ᠬᠤ ᠪᠤᠯᠳ᠋ᠤᠭᠠᠢ᠃

ᠵᠧ ᠡᠯᠢ᠍ᠭᠡᠳ᠋ᠦᠨ ᠰᠠᠭᠤᠭᠠᠳ

ᠡᠨᠡ ᠰᠦ᠋ᠯᠵᠢ᠍ᠶᠡᠨ ᠳ᠋ᠡᠭᠡᠨ ᠭᠠᠷᠪᠠᠯ᠄

ᠴᠡᠩᠭᠡᠷ ᠲᠡᠭ᠍ᠷᠢ ᠡᠴᠡ ᠡᠰᠢ ᠰᠤᠶᠤᠯ ᠲᠡᠶ

ᠴᠡᠯᠡᠭᠡᠷ ᠨᠤᠳ᠋ᠤᠭ ᠲᠣ ᠲᠠᠷᠬᠠᠨ ᠰᠤᠶᠤᠯ ᠲᠡᠶ

ᠴᠡᠪᠡᠷ ᠬᠡᠯᠡᠨ ᠤ ᠤᠷᠤᠭᠰᠢ᠍ᠯᠠᠭᠰᠠᠨ ᠬᠡᠪ ᠲᠡᠢ

ᠴᠡᠭᠡᠵᠢ᠍ᠨ ᠳ᠋ᠥ ᠮᠦ᠋ᠩᠭᠡᠷᠡᠭ᠍ᠰᠡᠨ ᠤᠯᠠᠮᠵᠢ᠍ᠯᠠᠯᠳ᠋ᠤ ᠰᠤᠶᠤᠯ ᠲᠡᠶ

ᠤᠨᠠᠭᠠᠨ ᠪᠠᠢ᠌ᠭᠠᠯᠢ ᠵᠢᠨ ᠦᠵᠡᠮᠵᠢ᠍ᠳ᠋ᠦ ᠰᠤᠶᠤᠯ ᠲᠡᠶ

ᠤᠳ᠋ᠤᠮᠳ᠋ᠤ ᠮᠤᠩᠭᠤᠯ ᠤᠨ ᠦᠨᠡᠳ᠋ᠦ ᠰᠤᠶᠤᠯ ᠲᠡᠶ

ᠤᠷᠠᠯᠢ᠍ᠭ ᠤᠨ ᠲᠠᠯᠠᠢ ᠳ᠋ᠥ ᠴᠠᠯᠭᠢᠯᠠᠭᠰᠠᠨ ᠰᠤᠶᠤᠯ ᠲᠡᠶ

ᠪᠠᠳ᠋ᠠᠷᠠᠭᠰᠠᠨ ᠨᠤᠳ᠋ᠤᠭ ᠤᠨ ᠲᠤᠮᠤᠭᠳ᠋ᠤ ᠰᠤᠶᠤᠯ ᠲᠡᠶ

ᠪᠠᠭᠠᠴᠤᠳ ᠬᠡᠥᠬᠡᠳ ᠲᠣ ᠰᠤᠷᠭᠠᠯᠳ᠋ᠤ ᠰᠤᠶᠤᠯ ᠲᠡᠶ

ᠪᠠᠭᠠᠳ᠋ᠤᠷ ᠬᠦᠮᠦᠰ ᠤᠨ ᠲᠤᠷᠠᠰᠬᠠᠯᠳ᠋ᠤ ᠰᠤᠶᠤᠯ ᠲᠡᠶ

ᠵᠧ ᠪᠦᠷᠭᠦᠳ ᠰᠦ᠋ᠯᠵᠢ᠍ᠶ᠎ᠠ ᠪᠤᠯᠪᠠᠰᠤ᠄

ᠭᠡᠭᠡᠨ ᠤᠢ᠌ᠯᠡᠰ ᠢ ᠵᠤᠷᠢ᠍ᠭᠰᠠᠨ ᠰᠤᠶᠤᠯ ᠲᠡᠶ

ᠭᠡᠮ ᠪᠤᠷᠤᠭᠤᠳ᠋ᠠᠨ ᠢ ᠲᠠᠰᠢ᠍ᠭᠤᠷᠳ᠋ᠠᠭᠰᠠᠨ ᠰᠤᠶᠤᠯ ᠲᠡᠶ

ᠭᠡᠷᠡᠯ ᠰᠠᠴᠤᠷᠠᠭᠰᠠᠨ ᠦᠩᠭᠡᠳ᠋ᠦ ᠰᠤᠶᠤᠯ ᠲᠡᠶ

ᠤᠯᠠᠨ ᠤ ᠲᠤᠮᠳ᠋ᠠ ᠬᠤᠰᠢ᠍ᠭᠤᠷᠠᠭᠰᠠᠨ ᠰᠤᠶᠤᠯ ᠲᠡᠶ

ᠤᠳ᠋ᠤ ᠠᠳ᠋ᠠᠯᠢ ᠭᠡᠷᠡᠯᠳ᠋ᠦᠭ᠍ᠰᠡᠨ ᠰᠤᠶᠤᠯ ᠲᠡᠶ

ᠤᠨᠴᠠ ᠰᠠᠢ᠌ᠬᠠᠨ ᠵᠢᠨᠨ ᠭᠠᠢ᠌ᠬᠠᠭᠤᠯᠤᠭᠰᠠᠨ ᠰᠤᠶᠤᠯ ᠲᠡᠶ

ᠤᠷᠤᠨ ᠨᠤᠳ᠋ᠤᠭ ᠤᠨ ᠤᠨᠴᠠᠯᠢ᠍ᠭᠳ᠋ᠤ ᠰᠤᠶᠤᠯ ᠲᠡᠶ᠃

ᠵᠧ 《 ᠪᠦᠷᠭᠦᠳ ᠰᠦ᠋ᠯᠵᠢ᠍ᠶ᠎ᠠ》ᠵᠢᠨ ᠪᠤᠯᠤᠨᠭ᠌ ᠪᠤᠯᠪᠠᠰᠤ᠄

ᠡᠷᠡᠨ ᠴᠠᠭ ᠤᠨ ᠤᠷᠤᠭᠰᠢᠯᠠᠭᠰᠠᠨ ᠰᠤᠶᠤᠯ

ᠠᠳ᠋ᠤᠭᠤ ᠮᠠᠯ ᠤᠨ ᠱᠤᠥᠭᠢᠶᠠᠨ ᠲᠡᠶ ᠰᠤᠶᠤᠯ

ᠠᠮᠠᠨ ᠢᠷᠦᠭᠡᠯ ᠤᠨ ᠨᠠᠢ᠌ᠷᠠᠭ ᠲᠡᠶ ᠰᠤᠶᠤᠯ

ᠠᠶᠠᠯᠭᠤ ᠲᠠᠭᠤᠥ ᠵᠢᠨ ᠡᠭᠡᠰᠢ᠍ᠭ᠍ᠳ᠋ᠦ ᠰᠤᠶᠤᠯ

ᠠᠮᠠᠨ ᠵᠤᠬᠢᠶᠠᠯ ᠤᠨ ᠲᠡᠮᠪᠡᠷᠢ᠍ᠯ ᠲᠡᠶ ᠰᠤᠶᠤᠯ

ᠵᠤᠢ᠌ᠷ ᠦᠭᠡ ᠵᠢᠨ ᠪᠡᠯᠭᠡ ᠲᠡᠶ ᠰᠤᠶᠤᠯ

ᠵᠦ᠋ᠪ ᠶᠠᠪᠤᠬᠤ ᠵᠢᠨ ᠴᠠᠮᠬᠠᠭ ᠲᠡᠶ ᠰᠤᠶᠤᠯ

ᠰᠡᠳᠭᠢᠯ ᠰᠠᠨᠠᠭ᠎ᠠ ᠵᠢ ᠭᠡᠷᠡᠯᠳ᠋ᠦᠭᠦᠯᠦᠭ᠍ᠰᠡᠨ ᠰᠤᠶᠤᠯ

ᠴᠡᠭᠡᠷ ᠶᠤᠰᠤᠨ ᠤ ᠰᠡᠷᠡᠮᠵᠢ ᠲᠡᠶ ᠰᠤᠶᠤᠯ

ᠴᠤᠥᠷᠢ᠍ᠶᠠᠯᠠᠨ ᠤᠷᠤᠯᠳ᠋ᠤᠬᠤ ᠨᠠᠷᠭᠢᠶᠠᠨᠳ᠋ᠤ ᠰᠤᠶᠤᠯ

ᠮᠤᠯᠤᠷ ᠡᠷᠳ᠋ᠡᠨᠢ ᠵᠢᠨ ᠭᠢᠯᠠᠰ ᠲᠡᠶ ᠰᠤᠶᠤᠯ

ᠮᠤᠷᠢ᠍ᠨ ᠬᠤᠭᠤᠷ ᠤᠨ ᠡᠭᠡᠰᠢ᠍ᠭ᠌ ᠲᠡᠶ ᠰᠤᠶᠤᠯ

ᠤᠩᠭᠤᠨ ᠨᠤᠳ᠋ᠤᠭ ᠤᠨ ᠰᠢ᠍ᠳ᠋ᠦᠯᠭᠡ ᠲᠠᠠ ᠰᠤᠶᠤᠯ

ᠤᠷᠴᠢ᠍ᠯᠠᠨᠭ᠌ ᠬᠤᠷᠸ᠎ᠠ ᠳ᠋ᠥ ᠤᠨᠴᠠᠭᠠᠢ ᠰᠤᠶᠤᠯ

ᠤᠳ᠋ᠤᠳ᠋ᠤ ᠵᠢᠨ ᠤᠷᠭᠢᠯ ᠳ᠋ᠥ ᠮᠠᠨᠳ᠋ᠤᠬᠤ ᠰᠤᠶᠤᠯ

ᠰᠦ᠋ᠮᠪᠦᠷ ᠠᠭᠤᠯᠠ ᠡᠴᠡ ᠦᠨᠳ᠋ᠦᠷ ᠰᠤᠶᠤᠯ

ᠰᠦ᠋ᠨ ᠲᠠᠯᠠᠢ ᠡᠴᠡ ᠭᠦᠨ ᠰᠤᠶᠤᠯ

ᠰᠠᠴᠤᠷᠠᠨ ᠮᠠᠨᠳ᠋ᠤᠭ᠎ᠠ 《 ᠪᠦᠷᠦᠭᠦᠳ》 ᠤᠨ ᠵᠢᠭᠦᠷ ᠲᠣ

ᠰᠦ᠋ᠨ ᠰᠠᠴᠤᠯᠢ ᠪᠠᠨ ᠰᠡᠷᠵᠢ᠍ᠮᠯᠡᠨ ᠢᠷᠦᠭᠡᠶ᠎ᠠ

ᠰᠡᠳᠭᠢᠯ ᠤᠨ ᠬᠠᠨᠢ 《ᠪᠦᠷᠭᠦᠳ 》 ᠰᠤᠶᠤᠯ ᠮᠠᠨᠢ

ᠰᠤᠯᠤᠩᠭ᠎ᠠ ᠵᠢᠨ ᠦᠨᠭ᠍ᠭᠡ ᠮᠡᠳ᠋ᠦ ᠮᠢ᠍ᠷᠠᠯᠵᠠᠬᠤ ᠪᠤᠯᠳ᠋ᠤᠭᠠᠢ

ᠰᠤᠳ᠋ᠤᠨ ᠰᠦ᠋ᠯᠵᠢ᠍ᠶ᠎ᠠ ᠵᠢᠨ ᠴᠠᠭᠠᠨ ᠪᠤᠶᠠᠨ ᠲᠡᠯᠭᠡᠷᠡᠳ᠋ᠦᠭᠡᠢ

ᠰᠠᠷᠠᠭᠤᠯ ᠮᠡᠨᠳ᠋ᠦ ᠵᠢᠨ ᠴᠠᠭᠠᠨ ᠢᠷᠦᠭᠡᠯ ᠲᠤᠭᠳ᠋ᠠᠳ᠋ᠤᠭᠠᠢ

ᠬᠤᠷᠤᠢ ᠬᠤᠷᠤᠢ ᠬᠤᠷᠤᠢ︕

ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 76181
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ