ᠨᠡᠪᠲᠡᠷᠡᠨ ᠤᠷᠤᠬᠤ
《ᠮᠤᠩᠭ᠋ᠤᠯ》 ᠭᠡᠳᠡᠭ᠌ ᠨᠠᠷ᠎ᠠ ᠶᠢᠨ ᠳᠤᠬᠠᠢ

《ᠮᠤᠩᠭ᠋ᠤᠯ》 ᠭᠡᠳᠡᠭ᠌ ᠨᠠᠷ᠎ᠠ ᠥᠭᠡ ᠶᠢ ᠳᠡᠦᠭᠡᠨ ᠳᠠᠯ᠎ᠠ ᠡᠴᠡ ᠨᠢ ᠠᠪᠴᠤ ᠦᠵᠡᠪᠠᠯ᠂ ᠮᠤᠩ ᠊᠊᠊᠊᠊᠊᠊᠊᠊᠊᠊᠊᠊᠊᠊ ᠭᠡ ᠶᠢᠨ ᠭᠤᠯᠤᠮᠳᠠ ᠭᠡᠰᠡᠨ ᠣᠤᠠᠬ᠎ᠠ ᠢᠯᠠᠷᠠᠨ᠎ᠠ᠃ ᠣᠴᠢᠷ ᠨᠢ ᠾᠦᠩᠨᠦ ᠶᠡᠭᠡ ᠭᠦᠷᠤᠨ ᠵᠠᠳᠠᠷᠠᠵᠤ᠂ ᠲᠦᠷᠺ᠂ ᠵᠦᠷᠴᠢᠳ ᠶᠡᠭᠡ ᠠᠢ᠌ᠮᠠᠭ ᠰᠠᠯᠤᠨ ᠣᠳᠬᠤ ᠳᠤ᠂ ᠨᠤᠳᠤᠭ ᠳᠡᠭᠡᠷ᠎ᠡ ᠪᠠᠨ ᠥᠯᠡᠳᠡᠭ᠍ᠰᠡᠨ ᠮᠤᠩ ᠠᠢ᠌ᠮᠠᠭ ᠤᠨ ᠭᠢᠨ ᠤ ᠣᠯᠠᠨ ᠠᠷᠪᠢᠨ ᠣᠪᠣᠭ ᠬᠠᠨᠢᠯ ᠤᠳ ᠢ ᠨᠢᠭᠡᠳᠭᠡᠵᠤ ᠮᠤᠡᠭ᠌ ᠤᠨ ᠭᠤᠯᠤᠮᠳᠠ ᠶᠢ ᠰᠡᠷᠭᠦᠭᠡᠨ ᠭᠠᠯ ᠪᠣᠯᠤᠨ ᠪᠠᠳᠠᠷᠠᠭᠠᠬᠤ ᠶᠢᠨ ᠳᠦᠯᠦᠭᠡ ᠳᠡᠮᠡᠴᠡᠭᠦ ᠳᠤ᠂ ᠪᠣᠷᠬᠠᠨ ᠬᠠᠯᠳᠤᠨ ᠠᠭᠤᠯᠠ ᠶᠢᠨ ᠰᠠᠪᠠ ᠭᠠᠵᠠᠷ ᠲᠤ ᠨᠤᠳᠤᠭᠯᠠᠨ ᠠᠮᠢᠳᠤᠷᠠᠵᠤ ᠪᠠᠢ᠌ᠭᠰᠠᠨ ᠪᠣᠳᠠᠠᠴᠢᠷ ᠪᠣᠭᠳᠠᠰ ᠡᠴᠡ ᠡᠭᠢᠯᠡᠭᠡᠳ ᠳᠡᠭᠦᠨ ᠤ ᠦᠷ᠎ᠡ ᠰᠠᠳᠤᠨ ᠶ‍ᠢᠰᠦᠭᠡᠢ ᠪᠠᠭᠠᠳᠤᠷ ᠪᠣᠯᠤᠨ ᠭᠦᠤ ᠳᠠᠮᠤᠵᠢᠨ ᠨᠡᠷ ᠤᠨ ᠳᠡᠷᠢᠭᠦᠯᠡᠭ᠍ᠰᠡᠨ ᠭᠢᠶᠠᠤᠨ ᠪᠣᠷᠵᠢᠭᠢᠨ ᠣᠪᠣᠭ ᠤᠨ ᠭᠢᠨ ᠭᠤᠤᠯᠯᠠᠵᠤ ᠡᠭᠦᠷᠭᠡ ᠭᠦᠢᠴᠡᠳᠭᠡᠭ᠍ᠰᠡᠨ ᠢ ᠳᠡᠦᠭᠡ ᠶᠢᠨ ᠳᠤᠤᠷᠠᠭᠢ ᠪᠠᠷᠢᠮᠳᠠ ᠪᠠᠳᠤᠯᠠᠨ᠎ᠠ᠃

ᠳᠠᠷᠬᠠᠢ ᠪᠣᠳᠠᠷᠬᠠᠢ ᠪᠠᠢ᠌ᠭᠰᠠᠨ ᠣᠯᠠᠨ ᠣᠯᠤᠰ᠂ ᠣᠪᠣᠭ ᠠᠢ᠌ᠮᠠᠭ ᠤᠳ ᠢ ᠨᠢᠭᠡᠳᠭᠡᠭᠦ ᠳᠤ 《ᠨᠠᠢ᠌ᠷ ᠵᠢᠷᠤᠮ ᠶᠢᠡᠷ ᠨᠢᠭᠡᠳᠦᠭ᠍ᠰᠡᠨ ᠨᠢᠭᠡᠳᠦᠯ ᠨᠠᠪᠴᠢ ᠴᠡᠴᠡᠭ᠌ ᠰᠢᠭ᠌ ᠳᠡᠯᠭᠡᠷᠡᠨ᠎ᠡ᠂ ᠵᠠᠷ ᠵᠡᠪᠰᠡᠭ᠌ ᠶᠢᠡᠷ ᠨᠢᠭᠡᠳᠦᠭ᠍ᠰᠡᠨ ᠨᠢᠭᠡᠳᠦᠯ ᠴᠢᠰᠤ ᠣᠰᠤ ᠰᠢᠭ ᠢᠯᠭᠠᠷᠠᠨ᠎ᠠ》 ᠭᠡᠵᠤ ᠠᠠᠳᠠ ᠵᠠᠮᠤᠬ᠎ᠠ ᠳᠠᠭᠠᠨ ᠭᠡᠯᠡᠳᠡᠭ᠌ ᠪᠠᠢ᠌ᠭᠰᠠᠨ ᠳᠠᠮᠤᠵᠢᠨ 13 ᠊᠊᠊᠊᠊᠊᠊᠊᠊᠊᠊᠊᠊᠊᠊ 45 ᠨᠠᠰᠤ ᠭᠦᠷᠳᠡᠯ᠎ᠡ 32 ᠣᠨ ᠵᠢᠯ ᠳᠤᠳᠤᠷ᠎ᠠ ᠣᠯᠠᠨ ᠣᠪᠣᠭ᠂ ᠠᠢ᠌ᠮᠠᠭ᠂ ᠬᠠᠨᠢᠯ ᠤᠳ ᠢ ᠴᠡᠷᠢᠭ᠌ ᠤᠨ ᠭᠦᠴᠤ ᠪᠠᠷ ᠪᠠᠢ᠌ᠯᠳᠤᠨ ᠳᠠᠭᠠᠭᠤᠯᠵᠤ ᠨᠢᠭᠡᠳᠭᠡᠭᠰᠡᠨ ᠦᠭᠡᠶ᠂ ᠬᠠᠷᠢᠨ ᠣᠬᠠᠭᠠᠨ ᠶᠢᠡᠷ ᠳᠠᠭᠠᠭᠤᠯᠤᠨ ᠠᠤᠭ᠎ᠠ ᠦᠨᠳᠦᠰᠦᠳᠠᠨ ᠪᠣᠯᠤᠨ ᠪᠦᠷᠢᠯᠳᠦᠵᠡᠢ᠃ ᠡᠵᠡᠩᠳᠤ ᠲᠦᠷᠦ ᠶᠢᠨ ᠪᠦᠭᠦ ᠵᠠᠰᠠᠭᠯᠠᠯ ᠢ ᠠᠩᠬ᠎ᠠ ᠣᠳᠠᠭ᠎ᠠ ᠴᠤ᠋ ᠰᠢᠨ᠎ᠠ ᠪᠠᠷ ᠵᠤᠬᠢᠶᠠᠨ ᠪᠠᠢ᠌ᠭᠤᠯᠤᠭᠰᠠᠨ ᠣᠯᠤᠰ ᠲᠠᠭᠠᠨ ᠦᠭ‍ᠭᠦ ᠣᠨᠤᠭᠠᠭᠰᠠᠨ ᠨᠠᠷ᠎ᠠ ᠶᠢ 1206 ᠣᠨ ᠳᠤ ᠴᠢᠩᠭᠢᠰ ᠬᠠᠭᠠᠨ᠄ 《ᠨᠠᠷᠮᠠᠢ ᠶᠢ ᠵᠤᠪᠠᠭᠠᠯ ᠵᠥᠭᠡᠵᠤ ᠵᠤᠩᠭᠢᠯᠠᠨ ᠬᠤᠷᠠᠬᠤ ᠳᠤ ᠮᠦᠨ ᠴᠤ ᠶᠡᠭᠡ ᠵᠤᠪᠠᠯᠠᠩᠳᠠᠨ᠂ ᠵᠢᠷᠭᠠᠯᠳᠠᠨ᠂ ᠦᠯᠡᠮᠵᠢ ᠶᠢᠨ ᠭᠦᠴᠤᠨ ᠶᠢᠡᠨ ᠦᠭ‍ᠭᠦᠭ᠍ᠰᠡᠨ ᠮᠤᠯᠤᠷ ᠡᠷᠳᠡᠨᠢ ᠮᠠᠳᠤ ᠪᠢᠳᠠ ᠤ ᠣᠯᠤᠰ ᠮᠢᠨᠤ᠂ ᠮᠤᠩ ᠊᠊᠊᠊᠊᠊᠊᠊᠊᠊᠊᠊᠊᠊᠊ ᠭᠡ ᠦᠵᠡᠳᠠᠯ᠎ᠠ ᠶᠠᠪᠠᠭᠠᠰᠤ ᠪᠠᠷ ᠶᠡᠷᠦᠩᠭᠡᠢ ᠶᠢᠨ ᠭᠤᠤᠯ ᠪᠣᠯᠤᠭᠰᠠᠨ ᠶᠢᠡᠷ ᠭᠦᠳᠡᠯᠭᠦ ᠦᠭᠡᠶ ᠶᠢᠨ ᠳᠡᠭᠡᠳᠤ ᠭᠦᠭᠡ ᠮᠤᠩᠭ᠋ᠤᠯ ᠭᠡᠮᠡᠳᠦᠭᠡᠢ!》 ᠭᠡᠵᠤ ᠵᠠᠷᠯᠢᠭ ᠪᠠᠭᠤᠯᠭᠠᠨ᠂ ᠳᠡᠯᠡᠭᠡᠢ ᠳ᠋ᠠᠭᠢᠨ ᠳᠤ ᠵᠠᠷᠯᠠᠨ ᠳᠤᠩᠬᠠᠭᠯᠠᠭᠰᠠᠨ ᠪᠠᠢ᠌ᠨ᠎ᠠ᠃ ᠳᠡᠭᠦᠨ ᠡᠴᠡ ᠬᠣᠢ᠌ᠰᠢ ᠣᠳᠤ ᠭᠦᠷᠳᠡᠯ᠎ᠡ 800 ᠵᠢᠯ ᠣᠷᠤᠰᠢᠨ ᠳᠤᠭᠳᠠᠨᠢᠭᠰᠠᠭᠠᠷ ᠨᠢ ᠳᠡᠦᠭᠡᠨ ᠦᠨᠡᠨ ᠶᠤᠮ᠃

《ᠮᠤᠩᠭ᠋ᠤᠯ》 ᠭᠡᠳᠡᠭ᠌ ᠨᠠᠷ᠎ᠠ ᠥᠭᠡ ᠶᠢᠨ ᠣᠤᠠᠬ᠎ᠠ ᠶᠢ ᠵᠦᠪ ᠣᠢ᠌ᠯᠠᠭᠠᠬᠤ ᠨᠢ᠂ ᠮᠤᠩᠭ᠋ᠤᠯ ᠭᠦᠮᠤᠨ ᠪᠣᠯᠤᠭᠰᠠᠤᠨ ᠤᠨ ᠡᠷᠭᠡᠪᠰᠢ ᠪᠠᠶᠡᠯᠡᠭᠦᠯᠭᠦ ᠡᠭᠦᠷᠭᠡ ᠮᠦᠨ᠃ ᠮᠤᠩᠭ᠋ᠤᠯ ᠶᠢᠡᠨ ᠭᠡᠭᠦ ᠰᠡᠳᠭᠢᠯ ᠦᠭᠡᠶ ᠪᠣᠯᠵᠤ᠂ ᠮᠤᠩᠭ᠋ᠤᠯ ᠤᠨ ᠳᠦᠯᠦᠭᠡ ᠵᠢᠷᠦᠭᠡ ᠨᠢ ᠴᠤᠭᠢᠯᠠᠬᠤ ᠦᠭᠡᠶ ᠪᠣᠯᠤᠭᠰᠠᠨ ᠭᠦᠮᠤᠨ ᠳᠤ ᠶᠠᠮᠠᠷ ᠪᠠᠢ᠌ᠬᠤ ᠪᠣᠢ ᠭᠡᠰᠡᠨ ᠠᠰᠠᠭᠤᠯᠳᠠ ᠳᠤ᠄ 《ᠪᠢᠳᠠ ᠡᠪᠦᠭᠡ ᠳᠡᠭᠡᠳᠦᠰ ᠦᠨᠳᠦᠰᠦ ᠪᠠᠨ ᠮᠡᠳᠡᠭᠦ ᠦᠭᠡᠶ ᠪᠣᠯ ᠠᠷᠢᠶᠠᠳᠠᠨ ᠠᠮᠢᠳᠠᠨ ᠯᠤᠭ᠎ᠠ ᠠᠳᠠᠯᠢ᠂ ᠢᠵᠠᠭᠤᠷ ᠣᠭᠰᠠᠭ᠎ᠠ ᠪᠠᠨ ᠳᠠᠨᠢᠬᠤ ᠦᠭᠡᠶ ᠪᠣᠯ ᠮᠠᠯ ᠯᠤᠭ᠎ᠠ ᠠᠳᠠᠯᠢ᠂ ᠳᠡᠦᠭᠡ ᠰᠤᠶᠤᠯ ᠶᠢᠡᠨ ᠮᠡᠳᠡᠭᠦ ᠦᠭᠡᠶ ᠪᠣᠯ ᠰᠤᠬᠤᠷ ᠨᠤᠮᠤᠨ ᠯᠤᠭ᠎ᠠ ᠠᠳᠠᠯᠢ ᠢᠵᠠᠭᠤᠷ ᠡᠷᠭᠡ ᠠᠰᠢᠭ ᠶᠢᠡᠨ ᠰᠠᠷᠢᠵᠤ ᠰᠡᠳᠭᠢᠭᠦ ᠦᠭᠡᠶ᠂ ᠮᠡᠳᠡᠭᠦ ᠦᠭᠡᠶ ᠪᠣᠯ ᠬᠤᠪᠳᠤᠭ ᠰᠢᠨᠤᠬᠠᠢ ᠭᠠᠬᠠᠢ ᠯᠤᠭ᠎ᠠ ᠠᠳᠠᠯᠢ ᠪᠣᠯᠤᠨ᠎ᠠ᠃》 ᠭᠡᠵᠤ ᠬᠠᠷᠢᠭᠤᠯᠤᠭᠰᠠᠨ ᠶᠤᠮ᠃

ᠮᠤᠩᠭ᠋ᠤᠯ ᠤᠨ ᠠᠤᠭ᠎ᠠ ᠶᠡᠭᠡ ᠦᠨᠳᠦᠰᠦᠳᠡᠨ ᠤ ᠪᠠᠶᠠᠯᠢᠭ ᠢ ᠪᠦᠳᠦᠭᠡᠭᠦ ᠶᠢᠨ ᠳᠦᠯᠦᠭᠡ ᠭᠦᠴᠤ ᠴᠢᠳᠠᠯ ᠶᠢᠡᠨ ᠭᠦᠳᠡᠯᠦᠩᠭᠦᠢ ᠳᠡᠭᠡᠳᠤ ᠭᠡᠮᠵᠢᠶᠡᠨ ᠳᠤ ᠳᠠᠢ᠌ᠴᠢᠯᠠᠵᠤ ᠠᠵᠢᠯᠯᠠᠬᠤ ᠶᠢ ᠭᠠᠭᠴᠠᠬᠦ ᠢᠷᠭᠡᠳᠦᠢ ᠶᠢᠨ ᠴᠢᠩ ᠵᠤᠷᠢᠭ ᠯᠠ ᠮᠡᠳᠡᠭᠦ ᠪᠣᠯᠵᠤ ᠳ᠋ᠠ᠃

ᠵᠤᠬᠢᠶᠠᠭᠴᠢ᠄ ᠮ·ᡀᠠᠭᠪᠠᠵᠠᠪ
ᠢᠷᠡᠯᠲᠡ᠄ ᠥᠭᠡᠯᠡᠳ ᠭᠠᠯᠳᠠᠨ
ᠬᠠᠷᠢᠶ᠎ᠠ᠄ ᠮᠤᠩᠭᠤᠯ ᠲᠡᠦᠬᠡ
ᠳᠠᠷᠤᠮ᠄ 35104
ᠴᠠᠭ᠄ 2008 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ