☆ ᠰᠠ᠊·ᠵᠠᠮᠢᠶᠠᠨ
ᠨᠤᠮ ᠭᠡᠮᠡᠭ᠍ᠴᠢ
ᠨᠤᠮ ᠭᠡᠮᠡᠭ᠍ᠴᠢ
ᠳᠡᠭ᠍ᠷᠢ ᠡᠴᠡ ᠢᠪᠢᠯᠦᠭ᠍ᠰᠡᠨ ᠬᠤᠷ᠎ᠠ
ᠭᠠᠵᠠᠷ ᠡᠴᠡ ᠣᠷᠭᠤᠭᠰᠠᠨ ᠦᠷ᠎ᠡ
ᠣᠳᠤᠨ ᠡᠴᠡ ᠰᠠᠴᠤᠷᠠᠭᠰᠠᠨ ᠭᠡᠷᠡᠯ
ᠭᠡᠷᠡᠯ ᠡᠴᠡ ᠪᠠᠳᠠᠷᠠᠭᠰᠠᠨ ᠭᠠᠯ᠃
ᠨᠤᠮ ᠭᠡᠮᠡᠭ᠍ᠴᠢ
ᠰᠡᠳᠭᠢᠯ ᠢ ᠠᠷᠢᠭᠤᠳᠬᠠᠭᠴᠢ ᠡᠮ
ᠢᠳᠡᠭᠡᠯ ᠢ ᠰᠢᠯᠤᠭᠤᠳᠬᠠᠭᠴᠢ ᠳᠤᠮ
ᠮᠠᠭᠤ ᠶᠠᠭᠤᠮᠠᠨ ᠤ ᠳᠠᠷᠤᠯᠠᠭᠠ
ᠰᠠᠢ᠌ᠨ ᠶᠠᠭᠤᠮᠠᠨ ᠤ ᠣᠷᠢᠯᠭ᠎ᠠ᠃
ᠨᠤᠮ ᠭᠡᠮᠡᠭ᠍ᠴᠢ
ᠦᠰᠭᠦ ᠢᠷᠡᠭᠡᠳᠦᠢ ᠶᠢ ᠰᠢᠡᠵᠢᠭᠦ ᠪᠢᠯᠢᠭ᠌
ᠦᠵᠠᠯ ᠰᠠᠨᠠᠭ᠎ᠠ ᠲᠡᠶ ᠰᠢᠡᠵᠢᠯᠡᠭᠦ ᠣᠬᠠᠭᠠᠨ
ᠬᠤᠳᠠᠯ ᠦᠨᠡᠨ ᠢ ᠭᠡᠷᠡᠴᠢᠯᠡᠭᠦ ᠳᠤᠯᠢ
ᠬᠤᠷᠸ᠎ᠠ ᠶᠢ ᠭᠡᠷᠡᠯᠳᠦᠭᠦᠯᠭᠦ ᠮᠥᠩᠭᠡ ᠶᠢᠨ ᠵᠤᠯᠠ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠠᠷᠤ ᠬᠤᠷᠴᠢᠨ᠂ ᠬᠤᠠᠳᠤ ᠪᠠᠯᠭᠠᠰᠤ
ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12565
ᠴᠠᠭ᠄ 2014 ᠤᠨ ᠤ 01 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ