ᠨᠡᠪᠲᠡᠷᠡᠨ ᠤᠷᠤᠬᠤ
ᠨᠤᠳᠤᠭ ᠤᠨ ᠰᠢᠷᠤᠢ

ᠠᠵᠠ ᠪᠠᠷ ᠳᠦᠷᠦᠭ᠍ᠰᠡᠨ ᠨᠤᠳᠤᠭ

ᠡᠵᠡᠨ ᠰᠠᠭᠤᠬᠤ ᠶᠢᠨ ᠮᠢᠨᠢ ᠠᠠᠳᠠᠭᠠᠷ

ᠠᠮᠢ ᠪᠠᠨ ᠬᠤᠯᠪᠤᠨ ᠬᠠᠢ᠌ᠷᠠᠯᠠᠬᠤ ᠨᠢ

ᠡᠷ᠎ᠡ ᠴᠢᠨᠠᠷ ᠤᠨ ᠮᠢᠨᠢ ᠳᠠᠩᠭ᠋ᠠᠷᠢᠭ

ᠡᠯᠢᠭᠡᠨ ᠳᠡᠭᠡᠨ ᠳᠡᠪᠠᠷᠢᠭ᠍ᠰᠡᠨ

ᠨᠤᠳᠤᠭ ᠤᠨ ᠮᠢᠨᠢ ᠰᠢᠷᠤᠢ

ᠡᠭᠡᠮ᠎ᠡ ᠳᠡᠭᠡᠨ ᠡᠭᠦᠷᠦᠭ᠍ᠰᠡᠨ

ᠴᠠᠳᠢᠭ ᠤᠨ ᠮᠢᠨᠢ ᠣᠷᠢᠶ᠎ᠠ

ᠡᠯᠦᠡᠴᠡ ᠶᠢᠨ ᠮᠦᠷ ᠳᠠᠢ

ᠨᠤᠳᠤᠭ ᠤᠨ ᠮᠢᠨᠢ ᠰᠢᠷᠤᠢ

ᠡᠵᠡᠯᠡᠭᠦ ᠨᠠᠷ᠎ᠠ ᠳᠠᠢ

ᠬᠤᠳᠤᠭ ᠤᠨ ᠮᠢᠨᠢ ᠬᠤᠷᠤᠢ

ᠠᠮᠢᠳᠤ ᠴᠠᠭ ᠤᠨ ᠣᠮᠤᠭ

ᠨᠤᠳᠤᠭ ᠤᠨ ᠰᠢᠷᠤᠢ ᠳᠤ ᠳᠠᠭᠤᠷᠢᠰᠳᠠᠭ

ᠥᠭᠦᠭ᠍ᠰᠡᠨ ᠴᠠᠭ ᠤᠨ ᠳᠤᠮᠤᠭ

ᠨᠤᠳᠤᠭ ᠤᠨ ᠰᠢᠷᠤᠢ ᠳᠤ ᠨᠣᠢ᠌ᠷᠰᠤᠳᠠᠭ

ᠲᠦᠰᠢᠵᠤ ᠠᠮᠢᠳᠤᠷᠠᠭᠰᠠᠨ ᠭᠠᠷ ᠵᠢᠠᠷ

ᠲᠦᠯᠤᠵᠤ ᠳᠡᠢ᠌ᠯᠳᠡᠭ᠌ ᠦᠭᠡᠶ ᠦᠷᠢᠨ

ᠰᠠᠯᠵᠤ ᠪᠣᠯᠳᠠᠭ ᠦᠭᠡᠶ ᠨᠤᠳᠤᠭ

ᠰᠤᠯᠢᠵᠤ ᠪᠣᠯᠳᠠᠭ ᠦᠭᠡᠶ ᠡᠷᠳᠡᠨᠢ


ᠵᠤᠬᠢᠶᠠᠭᠴᠢ ᠶᠢᠨ ᠬᠠᠶ‍ᠢᠭ᠄ ᠰᠢᠠᠵᠢᠶᠠᠩ ᠬᠤᠪᠣᠭᠰᠠᠢ᠌ᠷᠢ ᠳᠡᠪᠠᠭᠡᠨᠤ᠋ᠰᠤᠨ

ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ