☆ ᠪᠦᠷᠢᠡᠪᠠᠶᠡᠷ
ᠨᠣᠢ᠌ᠷ ᠬᠤᠯᠵᠢᠭᠰᠠᠨ ᠰᠦᠨᠢ
ᠨᠠᠷᠠ ᠣᠨᠠᠬᠤ ᠶᠢᠨ ᠠᠯᠳᠠ ᠪᠠᠷ
ᠪᠢᠷ ᠪᠠᠷᠢᠨ ᠰᠠᠭᠤᠯ᠎ᠠ᠂
ᠰᠠᠷ᠎ᠠ ᠰᠢᠩᠭᠡᠭ᠍ᠰᠡᠨ ᠪᠠᠢ᠌ᠳᠠᠯ᠎ᠠ
ᠨᠣᠢ᠌ᠷ ᠦᠭᠡᠶ ᠥᠩᠭᠡᠷᠡᠯ᠎ᠡ᠃
ᠪᠣᠳᠤᠯ ᠳᠤ ᠳᠦᠭᠡᠷᠢᠭ᠍ᠳᠡᠭ᠍ᠰᠡᠨ ᠰᠡᠳᠭᠢᠯ
ᠴᠢ ᠬᠠᠮᠢᠭ᠎ᠠ ᠪᠠᠢ᠌ᠨ᠎ᠠ ᠪᠣᠢ᠂
ᠪᠣᠴᠠᠯᠳᠠ ᠦᠭᠡᠶ ᠭᠦᠰᠡᠯ
ᠴᠢᠮ᠎ᠠ ᠶᠢ ᠢᠷᠡᠭᠦ ᠶᠢ ᠭᠦᠯᠢᠶᠡᠨ᠎ᠡ᠃
ᠣᠨᠠᠭᠠᠨ ᠪᠠᠭ᠎ᠠ ᠶᠢᠨ ᠨᠥᠭᠦᠷᠯᠡᠯ
ᠨᠢᠭᠤᠴᠠ ᠳᠠᠯᠳᠠ ᠶᠢᠨ ᠦᠷᠭᠦᠯᠵᠢᠯᠡᠯ
ᠣᠬᠠᠭᠠᠷᠠᠵᠤ ᠭᠦᠢᠴᠡᠭ᠍ᠰᠡᠨ ᠬᠤᠷᠸ᠎ᠠ ᠳ᠋ᠤ
ᠨᠢᠭᠤᠷᠳᠠᠵᠤ ᠣᠴᠠᠷᠠᠬᠤ ᠶᠢ ᠭᠦᠰᠡᠨ᠎ᠡ᠃
ᠬᠤᠪᠢ ᠳᠠᠪᠢᠯᠠᠩ ᠤᠨ ᠣᠴᠢᠷ ᠳᠤ
ᠰᠡᠳᠭᠢᠯ ᠴᠥᠭᠦᠵᠤ ᠶᠠᠪᠣᠯ᠎ᠠ᠂
ᠬᠤᠯᠠ ᠶᠠᠪᠣᠭᠰᠠᠨ ᠴᠢ ᠮᠢᠨᠢ
ᠬᠤᠷᠳᠤᠨ ᠳᠡᠷᠭᠡᠳᠡ ᠢᠷᠡᠭᠡᠷᠡᠢ᠃
ᠰᠦᠨᠢ ᠰᠦᠨᠢ ᠶᠢᠨ ᠭᠦᠨ ᠳ᠋ᠤ
ᠵᠡᠭᠦᠳᠤ ᠮᠠᠨᠠᠬᠤ ᠶᠢ ᠰᠠᠨᠠᠯ᠎ᠠ᠂
ᠭᠡᠭᠡ ᠣᠷᠤᠬᠤ ᠶᠢᠨ ᠠᠯᠳᠠ ᠪᠠᠷ
ᠶᠠᠭᠤ ᠴᠤ ᠦᠭᠡᠶ ᠬᠤᠭᠤᠰᠤᠨ᠃
ᠵᠤᠬᠢᠶᠠᠭᠴᠢ ᠶᠢᠨ ᠬᠠᠶᠢᠭ᠄ ᠭᠦᠷᠢᠶ᠎ᠡ ᠬᠤᠰᠢᠭᠤ᠂ ᠪᠠᠶᠠᠠᠬᠤᠧᠨ ᠪᠠᠯᠭᠠᠰᠤ᠂ ᠭᠦᠡᠳᠦᠢ ᠭᠠᠴᠠᠭ᠎ᠠ3 ᠳ᠋ᠤᠭᠠᠷ ᠳᠤᠭᠣᠢ᠌ᠯᠠᠩ
ᠵᠤᠬᠢᠶᠠᠭᠴᠢ᠄ ᠪᠦᠷᠢᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ