ᠨᠡᠪᠲᠡᠷᠡᠨ ᠤᠷᠤᠬᠤ
ᠨᠠᠢ᠌ᠵᠢ ᠮᠢᠨᠢ᠂ ᠴᠠᠰᠤᠳᠤ ᠬᠠᠢ᠌ᠷᠠᠬᠠᠨ ᠶᠢᠡᠷ ᠠᠶᠠᠯᠠᠪᠠᠤ ︖

ᠰᠠᠷᠠᠭᠤᠯ ᠣᠷᠴᠢᠯᠠᠩ ᠤᠨ ᠣᠤᠭᠠᠨ ᠥᠡᠳᠦᠷᠯᠢᠭ᠌ ᠲᠤ ᠰᠡᠭᠦᠢᠨ ᠰᠦᠨᠳᠠᠷᠯᠠᠵᠤ ᠬᠠᠨᠠᠢ᠌ᠭᠠᠤᠨ

ᠰᠠᠠᠰᠠᠷ ᠳᠡᠭ᠍ᠷᠢ ᠶᠢᠨ ᠭᠦᠨ ᠮᠠᠠᠳᠤᠯ ᠢ ᠡᠭ᠍ᠴᠡ ᠪᠠᠭᠠᠨᠠᠳᠠᠵᠤ ᠰᠥᠮᠪᠦᠷᠯᠡᠭ᠍ᠰᠡᠨ

ᠰᠠᠮᠠᠵᠠᠨ ᠡᠭᠦᠯᠡᠰ ᠶᠢᠡᠷ ᠣᠷᠭᠢᠯ ᠰᠠᠷᠢᠳᠠᠭ ᠶᠢᠡᠨ ᠦᠪᠴᠢ ᠣᠷᠢᠶᠠᠵᠤ ᠣᠭᠠᠯᠵᠠᠯᠠᠭᠠᠤᠨ

ᠰᠡᠷᠢᠭᠦᠭᠡᠨ ᠬᠤᠶᠠᠭ ᠶᠢᠡᠷ ᠰᠥᠷᠡᠯᠭᠡᠭ᠌ ᠪᠠᠶ᠎ᠠ ᠪᠠᠨ ᠵᠠᠰᠠᠨ ᠴᠢᠮᠠᠵᠤ ᠭᠤᠶᠤᠯᠠᠭᠰᠠᠨ

ᠴᠠᠰᠤᠳᠤ ᠬᠠᠢ᠌ᠷᠬᠠᠨ ᠶᠢᠡᠷ ᠮᠢᠨᠢ ᠳᠠ ᠠᠶᠠᠯᠠᠪᠠᠤ︖

ᠲ᠋ᠠᠨ ᠳᠤ ᠯᠠ ᠢᠩᠭᠢᠵᠤ ᠰᠥᠷᠯᠢᠭ᠌ ᠶᠢᠡᠨ ᠭᠠᠢ᠌ᠬᠠᠭᠤᠯᠪᠠᠤ︖

ᠨᠤᠭᠤᠭᠠᠨ ᠭᠡᠮᠡᠷᠯᠢᠭ᠌ ᠳᠡᠨᠢᠭᠡᠷ ᠴᠠᠢ᠌ᠳᠠᠮ ᠶᠢᠡᠷ ᠣᠯᠪᠣᠭ ᠳᠡᠪᠢᠰᠭᠡᠷ ᠪᠣᠯᠭᠠᠭᠠᠤᠨ

ᠨᠤᠮᠢᠨ ᠴᠡᠩᠭᠡᠷ ᠳᠤᠩᠭ᠋ᠠᠯᠠᠭ ᠨᠠᠭᠤᠷ ᠲᠤ ᠠᠷᠤᠤᠬᠠᠨ ᠵᠢᠰᠤ ᠪᠠᠨ ᠳᠤᠯᠢᠳᠠᠭᠰᠠᠨ

ᠨᠤᠶᠠᠯᠢᠭ ᠶᠡᠭᠡᠷᠭᠡᠭ᠌ ᠠᠪᠣᠷᠭᠤ ᠳᠦᠷᠢ ᠪᠠᠷ ᠳᠠᠶᠠᠩ ᠳᠡᠯᠡᠭᠡᠢ ᠶᠢ ᠪᠠᠷᠠᠭᠠᠯᠠᠭᠠᠤᠨ

ᠨᠤᠯᠤᠮ ᠬᠤᠷᠭᠤᠢ ᠡᠷᠳᠡᠨᠢᠳᠤ ᠡᠪᠦᠷ ᠳᠡᠭᠡᠨ ᠬᠠᠰ ᠮᠠᠨᠤ ᠰᠢᠭᠢᠦᠡᠭᠡᠭ᠍ᠰᠡᠨ

ᠴᠠᠰᠤᠳᠤ ᠬᠠᠢ᠌ᠷᠠᠬᠠᠨ ᠶᠢᠡᠷ ᠮᠢᠨᠢ ᠳᠠ ᠠᠢ᠌ᠯᠴᠢᠯᠠᠪᠠᠤ︖

ᠲ᠋ᠠᠨ ᠳᠤ ᠯᠠ ᠢᠩᠭᠢᠵᠤ ᠭᠡᠭᠡᠮᠰᠦᠭ᠌ ᠶᠢᠡᠨ ᠥᠵᠡᠭᠦᠯᠪᠠᠤ︖

ᠪᠠᠤᠠᠮᠠᠷᠠᠭ ᠯᠢᠩᠬᠤᠸ᠎ᠠ ᠶᠢᠨ ᠮᠥᠩᠭᠦᠨ ᠰᠡᠵᠢᠭᠦᠷ ᠳᠤᠨᠢ ᠴᠤᠮᠤᠷᠯᠢᠭ ᠳᠡᠯᠭᠡᠨ ᠮᠥᠰᠢᠶᠡᠭᠡᠤᠨ

ᠪᠠᠭᠴᠠᠳᠤ ᠴᠡᠴᠡᠭ᠌ ᠡᠮᠵᠢᠶᠡᠷᠢ ᠬᠤᠷᠮᠤᠢ ᠪᠠᠷ ᠨᠢ ᠥᠩᠭᠡ ᠪᠣᠯᠢᠶᠠᠯᠳᠤᠨ ᠮᠢᠷᠠᠯᠵᠠᠭᠰᠠᠨ

ᠪᠠᠶᠠᠨ ᠰᠥᠷᠦᠭ᠌ ᠳᠠᠠᠵᠢ ᠡᠩᠭᠡᠷ ᠳᠤᠨᠢ ᠳᠠᠷᠬᠠᠨ ᠪᠠᠯᠴᠢᠵᠤ ᠢᠳᠡᠰᠢᠯᠡᠭᠡᠤᠨ

ᠪᠠᠶᠠᠷ ᠤᠨ ᠳᠠᠭᠤᠯᠠᠯ ᠬᠠᠳᠠ ᠳᠤᠯᠭᠢᠰᠤᠮ᠎ᠠ ᠴᠤᠤᠷᠢᠶ᠎ᠠ ᠳᠠᠳᠠᠨ ᠬᠠᠩᠭᠢᠨᠠᠭᠰᠠᠨ

ᠴᠠᠰᠤᠳᠤ ᠬᠠᠢ᠌ᠷᠠᠬᠠᠨ ᠶᠢᠡᠷ ᠮᠢᠨᠢ ᠳᠠ ᠵᠤᠭᠠᠴᠠᠪᠠᠤ︖

ᠲ᠋ᠠᠨ ᠳᠤ ᠯᠠ ᠢᠩᠭᠢᠵᠤ ᠭᠦᠭ᠍ᠵᠢᠯ ᠶᠢᠡᠨ ᠣᠶᠠᠩᠭ᠋ᠠᠯᠠᠪᠠᠤ︖

ᠠᠴᠢᠶᠠᠨ ᠤ ᠮᠠᠰᠢᠨ ᠭᠦᠯᠢᠭᠡᠷ ᠭᠦᠳᠦᠯ ᠶᠢᠡᠷ ᠨᠢ ᠴᠤᠪᠣᠭ᠎ᠠ ᠳᠠᠳᠠᠨ ᠰᠥᠯᠵᠢᠯᠳᠦᠭᠡᠤᠨ

ᠠᠪᠣᠷᠭᠤ ᠪᠣᠬ᠎ᠠ ᠳᠠᠪᠠᠭ᠎ᠠ ᠨᠢᠷᠤᠭᠤ ᠪᠠᠷ ᠨᠢ ᠮᠥᠭᠡᠷᠡᠨ ᠳᠤᠭᠯᠠᠵᠤ ᠳᠠᠪᠭᠢᠯᠳᠤᠭᠰᠠᠨ

ᠴᠠᠭᠠᠷᠢᠭᠳᠤ ᠭᠦᠷᠢᠶ᠎ᠡ ᠲᠦᠪᠰᠢᠨ ᠪᠠᠯ ᠶᠢᠡᠷ ᠨᠢ ᠳᠠᠪᠠᠯᠭ᠎ᠠ ᠬᠠᠷᠠᠯᠠᠨ ᠰᠤᠨᠤᠯᠵᠠᠭᠠᠤᠨ

ᠴᠠᠯᠭᠢᠯᠳᠤ ᠣᠷᠤᠰᠬᠠᠯ ᠴᠡᠴᠡᠭ᠍ᠳᠤ ᠰᠠᠢ ᠪᠠᠷ ᠨᠢ ᠮᠡᠯᠳᠡᠭᠡᠨᠡᠨ ᠳᠤᠨᠤᠷᠠᠵᠤ ᠮᠢᠷᠠᠯᠵᠠᠭᠰᠠᠨ

ᠴᠠᠰᠤᠳᠤ ᠬᠠᠢ᠌ᠷᠠᠬᠠᠨ ᠶᠢᠡᠷ ᠮᠢᠨᠢ ᠳᠠ ᠪᠠᠷᠠᠳᠠᠪᠠᠤ︖

ᠲ᠋ᠠᠨ ᠳᠤ ᠯᠠ ᠢᠩᠭᠢᠵᠤ ᠦᠵᠡᠮᠵᠢ ᠪᠠᠨ ᠳᠡᠯᠭᠡᠪᠠᠤ︖

ᠦᠨᠢᠷ ᠵᠠᠯᠠᠭᠤ ᠬᠤᠳᠠ ᠪᠠᠯᠭᠠᠰᠤ ᠡ᠊ᠨᠳᠡᠭᠡ ᠦᠪᠡᠷ ᠶᠢᠡᠷ ᠨᠢ ᠢᠷᠠᠯᠵᠠᠭᠠᠤᠨ

ᠣᠢ᠌ᠯᠠᠤᠠᠪᠣᠷᠢ ᠠᠭᠤᠷᠬᠠᠢ ᠶᠢᠨ ᠰᠥᠷᠯᠢᠭ᠌ ᠬᠤᠯᠠᠩ ᠳᠡ᠊ᠨᠳᠡᠭᠡ ᠳᠠᠯ᠎ᠠ ᠪᠠᠷ ᠰᠡᠭᠦᠢᠯᠴᠡᠭ᠍ᠰᠡᠨ

ᠦᠨᠳᠦᠷ ᠳᠠᠷᠤᠯᠳᠠᠳᠤ ᠴᠠᠭᠢᠯᠭᠠᠨ ᠵᠢᠶᠠᠰᠠ ᠥᠭᠡᠭᠦᠨ ᠰᠢᠯᠢ ᠪᠠᠷ ᠨᠢ ᠵᠢᠭ᠍ᠳᠡᠷᠡᠯᠴᠡᠭᠡᠤᠨ

ᠥᠰᠦᠷᠦᠩᠭᠦᠢ ᠳᠠᠪᠰᠢᠯᠳᠠ ᠶᠢᠨ ᠡᠩᠨᠡᠭᠡ ᠠᠩᠭᠢ ᠥᠷᠭᠡᠨ ᠰᠤᠭᠤ ᠪᠠᠷ ᠨᠢ ᠣᠷᠤᠭᠰᠢᠯᠠᠭᠰᠠᠨ

ᠴᠠᠰᠤᠳᠤ ᠬᠠᠢ᠌ᠷᠬᠠᠨ ᠶᠢᠡᠷ ᠮᠢᠨᠢ ᠳᠠ ᠳᠤᠭᠤᠷᠢᠪᠠᠤ︖

ᠲ᠋ᠠᠨ ᠳᠤ ᠯᠠ ᠢᠩᠭᠢᠵᠤ ᠪᠠᠳᠠᠷᠠᠯ ᠶᠢᠡᠷ ᠱᠠᠭᠰᠢᠪᠠᠤ︖

ᠨᠢ᠋ᠮᠠᠨ ᠬᠠᠨ᠎ᠠ ᠲᠡᠶ ᠮᠤᠩᠭ᠋ᠤᠯ ᠭᠡᠷ ᠴᠡᠴᠡᠭ᠍ᠳᠤ ᠳᠠᠯ᠎ᠠ ᠳᠤ ᠨᠢ ᠴᠠᠢ᠌ᠯᠵᠠᠭᠠᠤᠨ

ᠨᠠᠶᠠ ᠭᠠᠷᠤᠭᠰᠠᠨ ᠨᠠᠰᠤᠳᠠᠨ ᠭᠦᠭ᠍ᠰᠢᠨ ᠣᠭᠳᠤᠵᠤ ᠥᠭᠡᠳᠡ ᠡᠴᠡ ᠴᠢᠨᠢ ᠢᠨᠢᠶᠡᠭ᠍ᠰᠡᠨ

ᠨᠠᠪᠴᠢ ᠴᠡᠴᠡᠭ᠌ ᠰᠢᠭ᠌ ᠳᠡᠯᠭᠡᠷᠡᠨ ᠪᠣᠢ᠌ᠵᠢᠭ᠎ᠠ ᠥᠭᠦᠭᠡᠷᠳᠤ ᠭᠦᠭᠡᠷᠦᠭᠦᠨ ᠳᠡᠭᠦᠦᠨᠡᠷ

ᠨᠠᠰᠢᠯᠠᠵᠤ ᠢᠷᠡᠭᠡᠤᠨ ᠭᠠᠷ ᠡᠴᠡ ᠴᠢᠨᠢ ᠳᠠᠳᠠᠵᠤ ᠡᠷᠦᠭᠡ ᠭᠡᠷ ᠲᠡᠭᠡᠨ ᠣᠷᠢᠭᠰᠠᠨ

ᠴᠠᠰᠤᠳᠤ ᠬᠠᠢ᠌ᠷᠬᠠᠨ ᠳᠤ ᠮᠢᠨᠢ ᠳᠠ ᠣᠭᠳᠤᠭᠳᠠᠪᠠᠤ︖

ᠲ᠋ᠠᠨ ᠳᠤ ᠯᠠ ᠢᠩᠭᠢᠵᠤ ᠬᠠᠢ᠌ᠷ᠎ᠠ ᠪᠠᠨ ᠳᠡᠪᠰᠢᠭᠦᠯᠪᠠᠤ︖

ᠠᠩᠭᠢᠯᠤᠮ᠎ᠠ ᠦᠨᠦᠷᠳᠤ ᠰᠦ᠋ ᠲᠡᠶ ᠴᠠᠢ ᠪᠠᠨ ᠯᠤᠤᠳᠤ ᠱᠠᠵᠠᠩ ᠳᠠᠭᠠᠨ ᠠᠶᠠᠭᠠᠯᠠᠭᠠᠤᠨ

ᠠᠭᠰᠢᠭᠤᠨ ᠳᠤᠰᠤᠯᠢᠭ ᠴᠢᠩᠺᠧ ᠳᠠᠷᠢᠶᠠᠨ ᠤ ᠠᠮᠳᠠᠳᠤ ᠽᠠᠮᠪᠠ ᠪᠠᠨ ᠪᠠᠷᠢᠭᠰᠠᠨ

ᠠᠮᠪᠠᠨ ᠢᠷᠭᠡ ᠶᠢᠨ ᠰᠢᠭᠦᠰᠤ ᠳᠤᠰᠤᠯᠤᠭᠰᠠᠨ ᠳᠠᠷᠭᠤᠨ ᠣᠭᠤᠴᠠ ᠪᠠᠨ ᠳᠠᠪᠠᠭᠯᠠᠭᠠᠤᠨ

ᠠᠯᠳᠠᠨ ᠬᠤᠠᠳᠠᠭᠠᠨ ᠳᠤ ᠠᠰᠬᠠᠷᠠᠮ᠎ᠠ ᠭᠡᠮᠨᠡᠭ᠍ᠰᠡᠨ ᠰᠢᠮᠠᠳᠤ ᠰᠠᠷᠬᠤᠤᠨ ᠶᠢᠡᠨ ᠵᠤᠭᠤᠭᠯᠠᠭᠤᠯᠤᠭᠰᠠᠨ

ᠴᠠᠰᠤᠳᠤ ᠬᠠᠢ᠌ᠷᠬᠠᠨ ᠳᠤ ᠮᠢᠨᠢ ᠳᠠ ᠵᠤᠴᠢᠯᠠᠭᠳᠠᠪᠠᠤ︖

ᠲ᠋ᠠᠨ ᠳᠤ ᠯᠠ ᠢᠩᠭᠢᠵᠤ ᠵᠤᠴᠢᠠᠰᠠᠭ ᠬᠠᠠᠳᠤᠪᠠᠤ︖

ᠠᠷᠠᠯᠳᠠᠢ ᠰᠠᠷᠯᠤᠭ ᠶᠢᠡᠨ ᠪᠠᠢ᠌ᠷᠢᠳᠠᠢ ᠵᠠᠢ᠌ᠳᠠᠯᠠᠭᠰᠠᠨ ᠬᠤᠪᠢᠯᠭᠠᠨ ᠮᠠᠠᠪᠠ ᠭᠡᠦᠭᠡᠨ

ᠠᠮᠠᠷᠠᠭ ᠪᠦᠰᠡᠭᠦᠢ ᠶᠢᠨ ᠮᠠᠠᠳᠤ ᠭᠦᠩᠭᠡᠵᠢᠭᠡ ᠠᠮᠤᠷᠯᠢᠩᠭ᠋ᠤᠢ ᠴᠢᠷᠠᠢ ᠶᠢ ᠰᠢᠡᠵᠢᠭ᠍ᠰᠡᠨ

ᠠᠭᠰᠤᠮ ᠰᠢᠷᠭ᠎ᠠ ᠪᠠᠨ ᠳᠠᠪᠠᠳᠠᠢ ᠭᠦᠯᠦᠭᠯᠡᠭ᠍ᠰᠡᠨ ᠮᠠᠯᠵᠢᠯ ᠤᠨ ᠰᠤᠷᠭᠠᠭᠤᠯᠢ ᠶᠢᠨ ᠪᠠᠭᠰᠢ

ᠠᠯᠢᠶ᠎ᠠ ᠭᠡᠦᠭᠡᠤᠨ ᠤᠨ ᠠᠢ᠌ᠵᠠᠮ ᠳᠠᠭᠠᠷᠠᠭᠰᠠᠨ ᠢᠷᠠᠭᠤ ᠳᠤᠳᠤᠬᠠᠨ ᠣᠩᠰᠢᠯᠭ᠎ᠠ

ᠴᠠᠰᠤᠳᠤ ᠬᠠᠢ᠌ᠷᠬᠠᠨ ᠶᠢᠡᠷ ᠮᠢᠨᠢ ᠳᠠ ᠰᠤᠷᠪᠣᠯᠵᠢᠯᠠᠪᠠᠤ︖

ᠲ᠋ᠠᠨ ᠳᠤ ᠯᠠ ᠢᠩᠭᠢᠵᠤ ᠴᠡᠩᠭᠡᠯ ᠶᠢᠡᠨ ᠭᠦᠷᠳᠡᠭᠡᠪᠠᠤ︖

ᠢᠨᠠᠭᠰᠢᠨ ᠨᠥᠭᠦᠷᠯᠡᠯᠳᠦᠭ᠍ᠰᠡᠨ ᠦᠨᠳᠦᠰᠦᠳᠠᠨ ᠣᠯᠠᠨ ᠤ ᠣᠷᠠᠨ ᠰᠠᠢ᠌ᠬᠠᠨ ᠳᠤᠭᠯᠠᠯᠳᠠ

ᠢᠷᠠᠭᠤ ᠴᠡᠭᠡᠯᠭᠡᠨ ᠮᠤᠩᠭ᠋ᠤᠯ ᠭᠡᠦᠭᠡᠨ ᠤ ᠣᠷᠳᠤ ᠶᠢᠨ ᠳᠠᠭᠤᠤ

ᠢᠳᠡᠯᠢᠭ᠌ ᠳᠡᠭ᠍ᠵᠢᠨ ᠲᠦᠪᠡᠳ ᠵᠠᠯᠠᠭᠤ ᠶᠢᠨ ᠭᠦᠩᠭᠡᠨ ᠳᠡᠪᠰᠡᠯᠭᠡᠨ ᠪᠦᠵᠢᠭ᠌

ᠢᠮᠴᠢᠳᠠᠨ ᠴᠢᠪᠬᠠᠳᠠᠭᠰᠠᠨ ᠬᠠᠰᠠᠭ ᠠᠬ᠎ᠠ ᠶᠢᠨ ᠳᠦᠮᠪᠣᠷ᠎ᠠ ᠶᠢᠨ ᠭᠦᠩᠭᠢᠨᠡᠮ᠎ᠡ ᠠᠶᠠᠰ

ᠴᠠᠰᠤᠳᠤ ᠬᠠᠢ᠌ᠷᠬᠠᠨ ᠳᠤ ᠮᠢᠨᠢ ᠳᠠ ᠦᠳᠡᠰᠢᠯᠠᠪᠠᠤ︖

ᠲ᠋ᠠᠨ ᠳᠤ ᠯᠠ ᠢᠩᠭᠢᠵᠤ ᠳᠠᠭᠤᠯᠠᠯ ᠶᠢᠡᠨ ᠡᠷᠭᠦᠪᠠᠤ︖

ᠡᠩᠭᠦᠷᠡᠢ ᠬᠠᠢ᠌ᠷᠠᠳᠤ ᠡᠭᠡ ᠣᠯᠤᠰ ᠤᠨ ᠶᠢᠡᠨ ᠴᠢᠮᠡᠭ᠌ ᠡᠷᠳᠡᠨᠢ ᠪᠣᠯᠤᠭᠰᠠᠨ

ᠡᠯᠢᠭᠡ ᠨᠢᠭᠡᠳᠡᠢ ᠦᠨᠳᠦᠰᠦᠳᠠᠨ ᠲᠦᠮᠡᠨ ᠤ ᠪᠠᠨ ᠣᠮᠤᠭ ᠪᠠᠬᠠᠳᠤᠯ ᠪᠣᠯᠤᠭᠰᠠᠨ

ᠡᠵᠡᠷᠭᠡᠭ᠌ ᠬᠤᠯᠠᠭᠠᠢ ᠬᠤᠤᠷᠳᠠᠨ ᠮᠠᠩᠭ᠋ᠤᠰ ᠤᠨ ᠪᠣᠯᠤᠳ ᠳᠠᠷᠤᠯᠭ᠎ᠠ ᠪᠣᠯᠤᠭᠰᠠᠨ

ᠡᠷᠡᠨ ᠦᠶ᠎ᠡ ᠶᠢᠨ ᠰᠦᠷ ᠵᠢᠪᠬᠤᠭᠠᠨ ᠤ ᠵᠦᠩᠨᠠᠯ ᠪᠠᠯᠭᠡᠳᠦᠯ ᠪᠣᠯᠤᠭᠰᠠᠨ

ᠴᠠᠰᠤᠳᠤ ᠬᠠᠢ᠌ᠷᠬᠠᠨ ᠶᠢᠡᠷ ᠮᠢᠨᠢ ᠳᠠ ᠰᠤᠨᠢᠷᠬᠠᠪᠠᠤ︖

ᠲ᠋ᠠᠨ ᠳᠤ ᠯᠠ ᠢᠩᠭᠢᠵᠤ ᠪᠠᠬᠠᠷᠬᠠᠯ ᠳᠦᠷᠦᠭ᠍ᠳᠡᠪᠠᠤ︖

ᠰᠤᠭᠤᠨᠠᠭ ᠳᠠᠳᠠᠭᠰᠠᠨ ᠬᠤᠷᠳᠤᠨ ᠮᠠᠰᠢᠨ ᠶᠢᠡᠷ ᠲᠦᠮᠡᠨ ᠤ ᠭᠠᠵᠠᠷ ᠢ ᠳᠤᠪᠴᠢᠯᠠᠭᠠᠤᠨ

ᠰᠤᠨᠤᠮ᠎ᠠ ᠣᠳᠠᠭᠠᠨ ᠣᠷᠳᠤ ᠡᠳᠦᠷ ᠤᠳ ᠢ ᠳᠠ ᠮᠢᠨᠢ ᠳᠤᠭᠤᠯᠵᠤ ᠶᠠᠪᠣᠭᠰᠠᠨ

ᠰᠤᠪᠣᠤᠨ ᠠᠰᠬᠠᠭᠰᠠᠨ ᠭᠦᠳᠡᠭᠡ ᠳᠠᠯ᠎ᠠ ᠡᠴᠡ ᠪᠠᠨ ᠳᠠ ᠮᠢᠨᠢ ᠠᠶᠠᠷᠯᠠᠨ ᠮᠤᠷᠳᠠᠭᠠᠤᠨ

ᠰᠤᠯᠤᠩᠭ᠋ᠠᠨ ᠣᠷᠤᠨ ᠤ ᠴᠡᠴᠡᠭᠯᠡᠯ ᠪᠠᠳᠠᠷᠠᠯ ᠶᠢᠡᠨ ᠳᠠ ᠮᠢᠨᠢ ᠭᠦᠷᠭᠡᠵᠤ ᠶᠠᠪᠣᠭᠰᠠᠨ

ᠴᠠᠰᠤᠳᠤ ᠬᠠᠢ᠌ᠷᠬᠠᠨ ᠶᠢᠡᠷ ᠮᠢᠨᠢ ᠳᠠ ᠠᠶᠠᠯᠠᠪᠠᠤ︖

ᠲ᠋ᠠᠨ ᠳᠤ ᠯᠠ ᠢᠩᠭᠢᠵᠤ ᠳᠠᠯᠠᠷᠬᠠᠯ ᠶᠢᠡᠨ ᠭᠦᠷᠭᠡᠪᠠᠤ︖

ᠡᠭᠡᠯᠢᠳᠤ ᠰᠠᠢ᠌ᠬᠠᠨ ᠥᠯᠦᠭᠡᠢ ᠨᠤᠲᠤᠭ ᠲᠤ ᠮᠢᠨᠢ ᠳᠦᠷᠪᠡᠨ ᠣᠳᠤᠭᠢᠴᠢᠯᠠᠯ ᠪᠠᠶᠡᠯᠡᠭ᠍ᠳᠡᠭᠦ ᠳᠤ

ᠡᠷᠭᠢᠮ ᠨᠠᠢ᠌ᠵᠢ ᠠᠠᠳᠠ ᠨᠥᠭᠦᠤᠨ ᠮᠢᠨᠢ ᠡᠭᠡᠵᠤ ᠢᠷᠠᠵᠤ ᠰᠤᠨᠢᠷᠬᠠᠭᠠᠷᠠᠢ︕

ᠡᠭᠡᠯ ᠵᠢᠷ ᠤᠨ ᠴᠠᠰᠤᠳᠤ ᠬᠠᠢ᠌ᠷᠬᠠᠨ ᠳ᠋ᠸᠪᠠᠵᠠᠨ ᠤ ᠣᠷᠤᠨ ᠪᠣᠯᠤᠭᠠᠤᠨ

ᠡᠪ ᠬᠠᠮᠳᠤ ᠶᠢᠨ ᠥᠩᠭᠡ ᠪᠣᠳᠤᠭ ᠶᠢᠡᠷ ᠳᠦᠷᠰᠦ ᠪᠠᠢ᠌ᠳᠠᠯ ᠶᠢᠡᠨ ᠪᠣᠳᠤᠬᠤ ᠯᠠ ᠶᠤᠮ︕

ᠴᠠᠰᠤᠳᠤ ᠬᠠᠢ᠌ᠷᠬᠠᠨ ᠶᠢᠡᠷ ᠮᠢᠨᠢ ᠳᠠ ᠠᠢ᠌ᠯᠴᠢᠯᠠᠪᠠᠤ︖

ᠲ᠋ᠠᠨ ᠳᠤ ᠯᠠ ᠢᠩᠭᠢᠵᠤ ᠬᠠᠯᠠᠭᠤᠨ ᠶᠢᠡᠷ ᠦᠳᠡᠪᠠᠤ︖


(1978 ᠣᠨ ᠤ 8 ᠰᠠᠷ᠎ᠠ᠂ ᠳᠡᠯᠡᠭᠡᠢ ᠳ᠋ᠤ)

ᠵᠤᠬᠢᠶᠠᠭᠴᠢ᠄ ᠳᠤᠭ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2712
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ