ᠨᠡᠪᠲᠡᠷᠡᠨ ᠤᠷᠤᠬᠤ
ᠴᠢᠩᠭᠢᠰ ᠤᠨ ᠪᠣᠷᠤᠭ᠎ᠠ

ᠣᠯᠠᠭᠠᠨ ᠵᠡᠷᠭᠡᠯᠭᠡᠨ ᠳᠤ

ᠠᠳᠤᠭᠤ ᠣᠭᠤᠭᠢᠵᠤ ᠨᠥᠭᠡᠯᠡᠨ᠎ᠡ

ᠣᠰᠤᠨ ᠤ ᠠᠮᠢᠰᠬᠤᠭ᠎ᠠ ᠣᠠᠳᠠᠷᠠᠨ᠎ᠠ

ᠣᠶᠠᠭᠠᠨ ᠳᠡᠭᠡᠷ᠎ᠡ

ᠭᠦᠯᠦᠭ᠌ ᠤᠨ ᠵᠡᠭᠦᠳᠤ ᠬᠠᠭᠰᠠᠨ᠎ᠠ

ᠴᠢᠭᠢᠭ᠌ ᠤᠨ ᠠᠮᠢᠰᠬᠤᠭ᠎ᠠ ᠳᠠᠰᠤᠷᠠᠨ᠎ᠠ

ᠳᠤᠯᠭ᠎ᠠ ᠶᠢᠨ ᠭᠠᠯ

ᠢᠯᠴᠢ ᠵᠢᠭᠡᠯᠡᠨ ᠢᠴᠢᠵᠤ

ᠰᠢᠩᠭᠡᠨ ᠣᠳᠤᠭ᠎ᠠ ᠵᠠᠮᠬᠠᠷᠠᠨ᠎ᠠ

ᠳᠤᠭᠤᠯ ᠤᠨ ᠳᠠᠳᠠᠭ᠎ᠠ

ᠭᠢᠯᠭᠠᠰᠤ ᠨᠠᠮᠠᠬᠠᠨ ᠭᠦᠪᠰᠥᠢᠵᠤ

ᠰᠦᠨ ᠤ ᠦᠨᠦᠷ ᠡᠷᠢᠨ᠎ᠡ

ᠠᠶᠠᠭᠠᠨ ᠪᠠᠯᠴᠢᠭᠡᠷ ᠰᠢᠭ᠌ ᠡᠮᠵᠡᠭ᠍‍ᠭᠡᠨ

ᠭᠠᠭᠴᠠ ᠬᠤᠤᠠᠳᠤᠭ

ᠳᠡᠯᠡᠭᠡᠢ ᠶᠢᠨ ᠳᠠᠷᠢᠭᠢᠨ ᠳᠤ

ᠠᠳᠤᠭᠤᠨ ᠳᠠᠭᠢ ᠰᠢᠭ ᠣᠢ᠌ᠤᠠᠬᠠᠷ ᠲᠡᠶ

ᠬᠠᠭᠤᠷᠠᠢ ᠡᠭᠦᠯᠡᠰ

ᠠᠯᠤᠰ ᠤᠨ ᠵᠢᠯ ᠳᠤ

ᠡᠵᠢ ᠶᠢᠨ ᠠᠭᠠᠷᠤ

ᠣᠰᠤᠵᠤ

ᠬᠡᠭᠡᠷᠡᠴᠢᠭᠡᠪᠠᠤ︖   ᠭᠡᠵᠤ ᠴᠢᠩᠨᠠᠨ᠎ᠠ

ᠡᠭᠡᠪᠦᠷ ᠤᠨ ᠠᠷᠭᠠᠯ

ᠣᠩᠰᠠᠵᠤ

ᠨᠤᠴᠤᠴᠢᠬᠠᠪᠠᠤ ᠭᠡᠵᠤ ᠰᠡᠵᠢᠭᠯᠡᠨ᠎ᠡ

ᠣᠷᠭᠤᠭ᠎ᠠ ᠪᠠᠢ᠌ᠬᠤ ᠳᠠᠭᠠᠨ

ᠣᠰᠤ ᠳᠠᠳᠠᠯ᠎ᠠ ᠭᠡᠵᠤ

ᠠᠪᠣ ᠣᠷᠭ᠎ᠠ ᠪᠠᠨ ᠲᠦᠰᠢᠨ᠎ᠠ

ᠣᠷᠭ᠎ᠠ ᠪᠣᠯᠤᠭᠠᠤᠨ

ᠠᠳᠤᠭᠤ ᠳᠠᠳᠠᠯ᠎ᠠ ᠭᠡᠵᠤ

ᠣᠷᠭ᠎ᠠ ᠠᠪᠣ ᠶᠢ ᠰᠢᠷᠳᠠᠨ᠎ᠠ

ᠣᠷᠭ᠎ᠠ ᠪᠠᠨ ᠳᠡᠭᠡᠳᠦᠯᠡᠭ᠍ᠰᠡᠨ

(ᠶᠡᠭᠡ ᠵᠠᠰᠠᠭ)

ᠣᠰᠤᠨ ᠳᠡᠭ᠍ᠷᠢ ᠶᠢ

ᠣᠷᠠᠬ᠎ᠠ ᠪᠠᠨ ᠴᠡᠭᠡᠷᠯᠡᠭ᠍ᠰᠡᠨ

ᠣᠷᠳᠤ ᠶᠢᠨ ᠳᠠᠭᠤᠤ

ᠯᠤᠤᠰ ᠤᠨ ᠣᠷᠳᠤ ᠲᠡᠶ

ᠭᠡᠡᠵᠢᠨ ᠢᠰᠢᠭᠡ

ᠰᠡᠭᠦᠳᠡᠷ ᠠᠮᠢᠰᠬᠤᠭᠠᠵᠤ

ᠰᠠᠭᠠᠮᠠᠭᠨᠠᠨ᠎ᠠ

ᠭᠡᠭᠡᠷ᠎ᠡ ᠶᠢᠨ ᠭᠦᠢᠯᠡᠰᠤ

ᠮᠦᠴᠢᠷ ᠠᠷᠭᠠᠳᠠᠨ

ᠬᠠᠢ᠌ᠯᠤᠨ᠎ᠠ

ᠭᠤᠷᠴᠣᠢ᠌ᠭᠰᠠᠨ ᠴᠢᠳᠤᠷ ᠰᠢᠭ᠌

ᠨᠤᠬᠠᠢ

ᠭᠠᠵᠠᠷ ᠣᠬᠤᠨ ᠭᠠᠰᠤᠯᠤᠨ᠎ᠠ

ᠭᠤᠩᠭ᠋ᠠᠨᠢᠬᠤ ᠪᠣᠳᠤᠭᠤ ᠰᠢᠭ

ᠬᠤᠭᠤᠷ ᠤᠨ

ᠴᠢᠭᠢ ᠪᠣᠴᠠᠨ ᠭᠢᠬᠤᠨᠠᠨ᠎ᠠ

ᠠᠠᠵᠢᠰᠤᠨ ᠬᠤᠰᠢᠭᠤᠨ ᠳᠤ

ᠳᠤᠰᠤᠯ ᠣᠰᠤ ᠰᠠᠳᠠᠷᠠᠨ᠎ᠠ

ᠭᠦᠮᠤᠨ ᠤ ᠰᠠᠨᠠᠭ᠎ᠠ

ᠠᠭᠤᠯᠠ ᠨᠡᠭᠦᠯᠭᠡᠭ᠍ᠰᠡᠳ

ᠳᠡᠨᠡᠭ᠌ ᠡᠯᠡᠰᠤᠨ ᠳᠤ ᠳᠠᠷᠤᠭᠳᠠᠨ᠎ᠠ

ᠵᠤᠨ ᠤ ᠣᠯᠠᠭ᠎ᠠ

ᠪᠣᠷᠤᠭᠠᠨ ᠭᠡᠵᠤ

ᠳᠡᠭ᠍ᠷᠢ ᠵᠥᠭ᠌ ᠲᠦᠳᠦᠨᠡᠨ᠎ᠠ

ᠳᠡᠭ᠍ᠷᠢ ᠰᠠᠨᠠᠭ᠎ᠠ ᠠᠯᠳᠠᠨ᠎ᠠ

ᠪᠣᠷᠬᠠᠨ ᠭᠡᠵᠤ

ᠡᠵᠡᠨ ᠴᠢᠩᠭᠢᠰ ᠲᠤ ᠰᠥᠭᠦᠳᠦᠨ᠎ᠡ

ᠡᠵᠡᠨ ᠮᠢᠨᠢ ᠴᠢᠮᠡᠭᠡ ᠦᠭᠡᠶ

ᠴᠢᠩᠭᠢᠰ ᠬᠠᠭᠠᠨ ᠤ ᠪᠣᠷᠤᠭ᠎ᠠ

ᠴᠡᠭᠡᠵᠢᠨ ᠳᠤ ᠱᠠᠭᠢᠨ᠎ᠠ

ᠰᠠᠤᠠᠭᠢᠯ ᠭᠠᠩᠳᠠᠭ᠎ᠠ ᠦᠭᠡᠶ ᠪᠠᠢ᠌ᠵᠠᠢ ᠳ᠋ᠠ

ᠰᠠᠤᠠᠭᠢᠯ ᠤᠨ ᠮᠢᠨᠢ ᠥᠭᠡ

ᠵᠢᠷᠦᠭᠡᠨ ᠳᠤ ᠬᠤᠷᠠᠯᠳᠤᠨ᠎ᠠ

ᠭᠡᠯᠡ ᠮᠢᠨᠢ ᠳᠠᠰᠤᠷᠤᠭᠰᠠᠨ ᠪᠠᠢ᠌ᠵᠠᠢ ᠳ᠋ᠠ

ᠡᠭᠦᠯᠡᠰ ᠤᠨ ᠰᠥᠷᠦᠭ᠌

ᠵᠥᠭ᠌ ᠵᠥᠭ᠌ ᠲᠤ ᠪᠠᠨ ᠵᠢᠭᠤᠳᠠᠨ᠎ᠠ

ᠨᠡᠢ᠌ᠯᠡᠭᠦ ᠶᠢ ᠮᠡᠳᠡᠭᠦ ᠦᠭᠡᠶ

ᠦᠯᠮᠠᠢ ᠡᠴᠡ ᠨᠢ

ᠬᠤᠤᠷ ᠤᠨ ᠰᠠᠯᠭᠢ ᠦᠯᠢᠶᠠᠨ᠎ᠠ

ᠡᠢ᠌ᠯᠭᠦ ᠶᠢ ᠯᠠ ᠮᠠᠳᠠᠨ᠎ᠠ

ᠶᠡᠭᠡ ᠳᠠᠯ᠎ᠠ ᠪᠣᠯ

ᠮᠠᠨ ᠤ ᠨᠢᠭᠤᠴᠠ ᠳᠤᠪᠴᠢᠶᠠᠨ

ᠡᠷᠳᠡᠨ ᠤ ᠰᠠᠢ᠌ᠬᠠᠨ ᠯᠠ ᠪᠣᠯᠵᠠᠢ

ᠶᠡᠭᠡ ᠳᠠᠯᠠᠢ ᠪᠣᠯ

ᠮᠠᠨ ᠤ ᠣᠯᠤᠭᠰᠠᠨ ᠦᠭᠡᠶ ᠰᠦᠯᠳᠡ

ᠳᠤᠮᠳᠠᠳᠤ ᠵᠠᠭᠤᠨ ᠤ ᠮᠥᠷᠦᠭᠡᠳᠦᠯ

ᠬᠤᠯᠠ ᠶᠢᠨ ᠠᠭᠤᠯᠠᠨ ᠳᠤ

ᠴᠢᠩᠭᠢᠰ ᠤᠨ ᠪᠣᠷᠤᠭ᠎ᠠ ᠱᠠᠭᠢᠨ᠎ᠠ

ᠮᠠᠷ ᠮᠠᠷ ᠠᠮᠢᠰᠬᠤᠯ ᠡᠷᠢᠨ᠎ᠡ

ᠣᠯᠠ ᠶᠢᠨ ᠳᠤᠤᠷ᠎ᠠ

ᠳᠡᠯᠡᠭᠡᠢ ᠶᠢᠨ ᠠᠮᠢᠰᠬᠤᠭ᠎ᠠ ᠭᠦᠳᠦᠯᠵᠡᠨ᠎ᠡ

ᠰᠠᠷ ᠰᠠᠷ ᠣᠬᠠᠭᠠᠨ ᠡᠭᠢᠯᠡᠨ᠎ᠡ


ᠵᠤᠬᠢᠶᠠᠭᠴᠢ ᠶᠢᠨ ᠳᠤᠬᠠᠢ᠄   ᠳᠦᠷᠪᠠᠳ ᠡᠷᠳᠡᠨᠢᠪᠠᠶᠡᠷ᠂   2002 ᠣᠨ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠡᠴᠡ ᠳᠡᠭᠦᠰᠴᠤ ᠣᠳᠤ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠨ᠎ᠠ

ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠰᠠᠮᠪᠠᠷ᠎ᠠ
ᠬᠠᠷᠢᠶ᠎ᠠ᠄ ᠰᠢᠯᠦᠭ
ᠳᠠᠷᠤᠮ᠄ 4461
ᠴᠠᠭ᠄ 2007 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ