ᠨᠡᠪᠲᠡᠷᠡᠨ ᠤᠷᠤᠬᠤ
ᠨᠠᠮᠤᠷ ᠤᠨ ᠨᠡᠭᠦᠳᠡᠯ

ᠣᠷᠤᠢ ᠨᠢ ᠴᠠᠰᠤᠳᠠᠢ ᠠᠭᠤᠯᠠᠰ ᠨᠡᠭᠦᠨ᠎ᠡ

ᠠᠭᠤᠯᠠᠰ ᠢ ᠳᠠᠭᠠᠭᠠᠤᠨ ᠡᠭᠦᠯᠡᠰ ᠨᠡᠭᠦᠨ᠎ᠡ

ᠡᠭᠦᠯᠡᠰ ᠢ ᠳᠠᠭᠠᠭᠠᠤᠨ ᠣᠰᠤ ᠨᠡᠭᠦᠨ᠎ᠡ

ᠣᠰᠤ ᠶᠢ ᠳᠠᠭᠠᠭᠠᠤᠨ ᠬᠠᠷᠠᠴᠠ ᠮᠢᠨᠢ ᠨᠡᠭᠦᠨ᠎ᠡ

ᠰᠠᠯᠭᠢ ᠶᠢ ᠳᠠᠭᠠᠭᠠᠤᠨ ᠨᠠᠪᠴᠢᠰ ᠨᠡᠭᠦᠨ᠎ᠡ

ᠰᠢᠷᠭᠠᠯ ᠨᠠᠮᠤᠷ ᠡᠮᠦᠨᠡᠭᠡᠭᠦᠷ ᠮᠢᠨᠢ ᠨᠡᠭᠦᠨ᠎ᠡ

ᠰᠠᠷᠠ ᠶᠢ ᠳᠠᠭᠠᠭᠠᠤᠨ ᠰᠢᠪᠠᠭᠤᠳ ᠨᠡᠭᠦᠨ᠎ᠡ

ᠰᠢᠪᠠᠭᠤᠳ ᠢ ᠳᠠᠭᠠᠭᠠᠤᠨ ᠨᠤᠳᠤᠭ ᠮᠢᠨᠢ ᠨᠡᠭᠦᠨ᠎ᠡ

ᠨᠢᠳᠤ ᠰᠢᠭ᠌ ᠨᠠᠭᠤᠷ ᠮᠡᠯᠮᠡᠷᠡᠭᠡᠳ ᠬᠤᠴᠤᠷᠤᠨ᠎ᠠ

ᠨᠠᠪᠴᠢᠰ ᠢ ᠳᠡᠪᠠᠷᠢᠭᠡᠳ ᠣᠢ᠌ᠮᠤᠷᠠᠭᠠᠤᠨ ᠣᠭᠢᠯᠠᠨ᠎ᠠ

ᠨᠠᠭᠤᠷ ᠢ ᠬᠠᠷᠠᠭᠠᠤᠨ ᠰᠡᠳᠬᠢᠯ ᠮᠢᠨᠢ ᠰᠠᠮᠠᠷᠠᠨ᠎ᠠ

ᠨᠠᠮᠤᠷ ᠤᠨ ᠳᠡᠭ᠍ᠷᠢ ᠳᠤ ᠨᠢᠯᠪᠣᠰᠤ ᠮᠢᠨᠢ ᠪᠣᠷᠤᠭᠠᠯᠠᠨ᠎ᠠ

ᠨᠣᠢ᠌ᠷ ᠤᠨ ᠳᠤᠮᠳᠠ ᠵᠡᠭᠦᠳᠤ ᠡᠷᠭᠢᠴᠡᠨ᠎ᠡ

ᠨᠠᠮᠢ᠋ᠢ ᠳᠠᠶᠠᠯᠠᠭᠠᠤᠨ ᠳᠠᠷᠠ ᠮᠢᠨᠢ ᠳᠤᠷᠮᠣᠢ᠌ᠨ᠎ᠠ

ᠨᠠᠷᠠ ᠰᠢᠭ ᠬᠠᠢ᠌ᠷ᠎ᠠ ᠵᠢᠷᠦᠭᠡᠨ ᠳᠤ ᠰᠢᠳᠠᠨ᠎ᠠ

ᠨᠠᠮᠤᠷ ᠤᠨ ᠨᠡᠭᠦᠳᠡᠯ ᠳᠤ ᠣᠢ᠌ᠤᠠᠬᠠᠷ ᠠᠰᠠᠨ᠎ᠠ᠁


ᠴᠠᠰᠤ


ᠲ᠋ᠠᠭᠤ ᠦᠭᠡᠶ ᠣᠨᠠᠳᠠᠭ ᠴᠠᠰᠤ

ᠣᠭᠢᠯᠠᠭᠠᠤᠨ ᠳᠦᠷᠦᠳᠡᠭ᠌ ᠪᠠᠶ᠎ᠠ

ᠳᠤᠭᠤᠯᠤᠭᠠᠤᠨ ᠪᠠᠷᠠᠭᠳᠠᠳᠠᠭ ᠦᠭᠡᠶ ᠵᠠᠮ

ᠳᠠᠭᠤᠯᠠᠭᠠᠤᠨ ᠬᠠᠨᠤᠳᠠᠭ ᠦᠭᠡᠶ ᠳᠤᠷᠠᠯᠠᠯ


ᠨᠢᠯᠪᠣᠰᠤᠨ ᠳᠤ ᠴᠠᠬᠠᠳᠠᠭ ᠦᠭᠡᠶ ᠬᠤᠷᠸ᠎ᠠ

ᠵᠢᠷᠭᠠᠯ ᠳᠤ ᠴᠠᠳᠤᠳᠠᠭ ᠭᠦᠰᠡᠯ


ᠬᠠᠢ᠌ᠯᠠᠭᠠᠤᠨ ᠣᠷᠤᠰᠳᠠᠭ ᠴᠠᠰᠤ

ᠭᠢ᠌ᠰᠦᠭᠡᠳ ᠵᠠᠮᠬᠠᠷᠠᠳᠠᠭ ᠣᠨ


ᠰᠤᠶᠤᠭᠠᠯᠠᠭᠠᠤᠨ ᠣᠷᠭᠤᠳᠠᠭ ᠨᠤᠭᠤᠭ᠎ᠠ

ᠴᠡᠴᠡᠭᠯᠡᠭᠡᠳ ᠳᠡᠯᠭᠡᠷᠡᠳᠡᠭ᠌ ᠵᠡᠭᠦᠳᠤ


ᠲ᠋ᠠᠭᠤ ᠦᠭᠡᠶ ᠣᠨᠠᠳᠠᠭ ᠴᠠᠰᠤ

ᠳᠠᠭᠤ ᠲᠡᠶ ᠥᠩᠭᠡᠷᠡᠳᠡᠭ᠌ ᠨᠠᠰᠤ


ᠲ᠋ᠠᠷᠠ ᠰᠦᠨᠢ (ᠲ᠋ᠠᠭᠤᠤ ᠶᠢᠨ ᠥᠭᠡ)


ᠵᠡᠭᠦᠳᠦᠨ ᠤ ᠰᠠᠷᠠ ᠳᠤᠶᠠᠭᠠᠷᠠᠭᠰᠠᠨ

ᠴᠡᠩᠭᠡᠷ ᠰᠦᠨᠢ ᠪᠠᠢ᠌ᠭᠰᠠᠨ

ᠵᠢᠷᠦᠭᠡᠨ ᠤ ᠬᠠᠢ᠌ᠷ᠎ᠠ ᠣᠠᠳᠤᠷᠤᠭᠰᠠᠨ

ᠵᠢᠷᠭᠠᠯ ᠲᠡᠶ ᠮᠦᠴᠡ ᠪᠠᠢ᠌ᠭᠰᠠᠨ

ᠳᠠᠷᠠ ᠰᠦᠨᠢ ᠪᠠᠳᠠᠨ ᠤ ᠭᠢ ᠪᠠᠢ᠌ᠭᠰᠠᠨ

ᠳᠡᠭ᠍ᠷᠢ ᠶᠢᠨ ᠳᠤᠤᠷ᠎ᠠ ᠬᠤᠶᠠᠭᠤᠯᠬᠠᠨ ᠶᠢᠡᠨ ᠪᠠᠢ᠌ᠭᠰᠠᠨ

ᠳᠠᠷᠠ ᠰᠦᠨᠢ ᠰᠢᠳᠠᠵᠤ ᠪᠠᠢ᠌ᠭᠰᠠᠨ

ᠳᠡᠩᠳᠡᠭᠦᠤ ᠬᠠᠢ᠌ᠷ᠎ᠠ ᠮᠠᠨᠢ ᠬᠠᠢ᠌ᠯᠵᠤ ᠯᠠ ᠪᠠᠢ᠌ᠭᠰᠠᠨ

ᠴᠡᠴᠡᠭ᠌ ᠪᠦᠭᠦᠨ ᠵᠡᠭᠦᠳᠦᠯᠡᠭ᠍ᠰᠡᠨ

ᠴᠡᠩᠭᠡᠷᠭᠡᠨ ᠰᠦᠨᠢ ᠪᠠᠢ᠌ᠭᠰᠠᠨ

ᠴᠢᠩ ᠬᠠᠢ᠌ᠷ᠎ᠠ ᠳᠡᠪᠠᠷᠢᠭ᠍ᠰᠡᠨ

ᠴᠡᠩᠭᠡᠯ ᠲᠡᠶ ᠰᠦᠨᠢ ᠪᠠᠢ᠌ᠭᠰᠠᠨ

ᠳᠠᠭᠢᠯᠳᠠ

ᠣᠳᠤᠳ ᠪᠦᠭᠦᠨ ᠱᠤᠬᠤᠭᠠᠷᠠᠭᠰᠠᠨ

ᠣᠭᠳᠤᠷᠭᠤᠢ ᠶᠢᠨ ᠰᠦᠨᠢ ᠪᠠᠢ᠌ᠭᠰᠠᠨ

ᠣᠤᠭᠠᠨ ᠬᠠᠢ᠌ᠷ᠎ᠠ ᠳᠡᠯᠪᠠᠭᠡᠯᠡᠭ᠍ᠰᠡᠨ

ᠣᠶᠠᠩᠭ᠋᠎ᠠ ᠶᠢᠨ ᠰᠦᠨᠢ ᠪᠠᠢ᠌ᠭᠰᠠᠨ

ᠳᠠᠭᠢᠯᠳᠠ


ᠵᠤᠬᠢᠶᠠᠭᠴᠢ ᠶᠢᠨ ᠬᠠᠶ‍ᠢᠭ ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ