☆ ᠠᠮᠤᠷ
ᠳᠤᠷᠠᠯᠠᠯ
ᠣᠰᠬᠠᠯ ᠳᠤᠩᠭ᠋ᠠᠯᠠᠭ ᠨᠢᠳᠤ ᠴᠢᠨᠢ
ᠣᠷᠤᠰᠬᠠᠯ ᠳᠦᠯᠭᠡᠨ ᠬᠠᠢ᠌ᠷ᠎ᠠ ᠶᠢᠨ ᠳᠠᠯᠠᠢ ᠪᠠᠢ᠌ᠭᠰᠠᠨ
ᠣᠷᠤᠭ᠎ᠠ ᠰᠡᠳᠭᠢᠯ ᠢ ᠴᠢᠨᠢ ᠣᠷᠬᠠᠯᠠᠬᠤ ᠪᠠᠷ
ᠣᠮᠪᠠᠵᠤ ᠴᠢᠳᠠᠬᠤ ᠦᠭᠡᠶ ᠴᠤ ᠱᠤᠩᠪᠠᠭᠰᠠᠨ ᠶᠤᠮ
ᠵᠢᠪᠪᠦᠭᠦᠯᠦᠨᠡ ᠦᠦ ᠭᠦᠪᠪᠦᠭᠦᠯᠦᠨᠡ ᠦᠦ
ᠵᠢᠰᠦᠯᠢᠭ᠌ ᠳᠦᠷᠦᠭ᠍ᠰᠡᠨ ᠭᠡᠦᠭᠡᠨ ᠴᠢ ᠮᠡᠳᠡᠭ᠍ᠰᠡᠨ ᠭᠡᠷᠡᠭ᠌
ᠰᠤᠷᠳᠠᠢ ᠰᠢᠷᠭᠠᠯᠳᠤᠭᠰᠠᠨ ᠭᠡᠵᠢᠭᠡ ᠴᠢᠨᠢ
ᠰᠠᠬᠤᠯᠠᠭ ᠰᠡᠷᠢᠭᠦᠨ ᠬᠠᠢ᠌ᠷ᠎ᠠ ᠶᠢᠨ ᠣᠢ ᠪᠠᠢ᠌ᠭᠰᠠᠨ
ᠰᠤᠭᠤ ᠭᠦᠭᠡᠷᠦᠭᠦᠨ ᠰᠡᠳᠭᠢᠯ ᠢ ᠴᠢᠨᠢ ᠣᠨᠤᠭᠠᠬᠤ ᠪᠠᠷ
ᠰᠤᠮᠤ ᠦᠭᠡᠶ ᠳᠤᠷᠠᠯᠠᠯ ᠤᠨ ᠵᠠᠪᠠ ᠪᠠᠨ ᠬᠠᠷᠪᠣᠭᠰᠠᠨ ᠶᠤᠮ
ᠣᠨᠤᠭᠠᠨᠠ ᠦᠦ ᠣᠨᠠᠭᠠᠨ᠎ᠠ ᠦᠦ
ᠣᠬᠠᠭᠠᠯᠢᠭ ᠳᠦᠷᠦᠭ᠍ᠰᠡᠨ ᠭᠡᠦᠭᠡᠨ ᠴᠢ ᠮᠡᠳᠡᠭ᠍ᠰᠡᠨ ᠭᠡᠷᠡᠭ᠌
ᠥᠩᠭᠡᠳᠡᠢ ᠨᠢᠮᠭᠡᠨ ᠣᠷᠤᠭᠤᠯ ᠴᠢᠨᠢ
ᠦᠷ ᠤᠨ ᠰᠢᠭᠦᠳᠡᠷᠢ ᠲᠡᠶ ᠰᠠᠷᠠᠯᠠᠩ ᠪᠠᠢ᠌ᠭᠰᠠᠨ
ᠥᠮᠴᠢᠷᠭᠡᠭᠦ ᠠᠷᠢᠭᠤᠨ ᠰᠡᠳᠭᠢᠯ ᠳᠤ ᠴᠢᠨᠢ ᠨᠠᠯᠠᠬᠤ ᠪᠠᠷ
ᠦᠨᠦᠷ ᠳᠤᠨᠢ ᠰᠤᠭᠳᠤᠵᠤ ᠥᠨᠦᠰᠭᠦ ᠶᠢ ᠰᠠᠨᠠᠭᠰᠠᠨ ᠶᠤᠮ
ᠬᠠᠢ᠌ᠷᠠᠯᠠᠨ᠎ᠠ ᠦᠦ ᠬᠠᠯᠢᠷᠠᠨ᠎ᠠ ᠦᠦ
ᠬᠠᠢ᠌ᠷᠬᠠᠨ ᠳᠦᠷᠦᠭ᠍ᠰᠡᠨ ᠭᠡᠦᠭᠡᠨ ᠴᠢ ᠮᠡᠳᠡᠭ᠍ᠰᠡᠨ ᠭᠡᠷᠡᠭ᠌
ᠥᠡᠳᠡᠭᠡᠨ ᠴᠠᠭᠠᠨ ᠭᠠᠷ ᠴᠢᠨᠢ
ᠦᠬᠢᠨ ᠳᠡᠭ᠍ᠷᠢ ᠶᠢᠨ ᠬᠠᠶᠠᠭᠠᠨ ᠤ ᠴᠠᠭᠢᠯᠭᠠᠨ ᠪᠠᠢ᠌ᠭᠰᠠᠨ
ᠦᠨᠡᠠᠴᠢ ᠨᠢᠭᠤᠴᠠ ᠬᠠᠢ᠌ᠷ᠎ᠠ ᠶᠢ ᠴᠢᠨᠢ ᠢᠯᠪᠢᠭᠦ ᠪᠠᠷ
ᠥᠷᠭᠦᠭᠡᠭᠦ ᠡᠴᠡ ᠠᠶᠤᠵᠤ ᠠᠶᠠᠷᠬᠠᠨ ᠪᠠᠷᠢᠭᠰᠠᠨ ᠶᠤᠮ
ᠴᠡᠨᠡᠭᠯᠡᠨ᠎ᠡ ᠦᠦ ᠴᠤᠭᠢᠨ᠎ᠠ ᠦᠦ
ᠴᠡᠪᠠᠷᠭᠡᠨ ᠳᠦᠷᠦᠭ᠍ᠰᠡᠨ ᠭᠡᠦᠭᠡᠨ ᠴᠢ ᠮᠡᠳᠡᠭ᠍ᠰᠡᠨ ᠭᠡᠷᠡᠭ᠌
2009/04/23 ᠪᠣᠭᠤᠳᠤ
ᠵᠤᠬᠢᠶᠠᠭᠴᠢ᠄ ᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2683
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ