ᠨᠡᠪᠲᠡᠷᠡᠨ ᠤᠷᠤᠬᠤ
ᠡᠭᠢᠯᠡᠯ ᠳᠡᠭᠦᠰᠭᠡᠯ

ᠭᠤᠳᠤᠯ ᠶᠢᠠᠨ ᠵᠥᠯᠭᠦᠭᠦ ᠦᠭᠡᠶ ᠮᠢᠨᠢ ᠵᠠᠯᠬᠠᠭᠤ ᠳᠠᠭᠠᠨ ᠪᠢᠰᠢ

ᠭᠤᠷᠪᠠᠨ ᠡᠳᠦᠷ ᠥᠯᠦᠰᠭᠦᠯᠡᠩ ᠶᠠᠪᠣᠬᠤ ᠮᠢᠨᠢ ᠶᠠᠳᠠᠭᠤ ᠳᠠᠭᠠᠨ ᠪᠢᠰᠢ

ᠭᠤᠷᠮᠤᠰᠤᠨ ᠭᠠᠷᠠᠭ ᠮᠢᠨᠤ ᠳᠠᠷᠢᠭᠢᠨ ᠳᠤᠳᠤᠷ᠎ᠠ ᠁

ᠢᠷᠠᠭᠤ ᠨᠠᠢ᠌ᠷᠠᠭᠴᠢ ᠶᠢᠨ ᠮᠡᠳᠡᠷᠡᠳᠡᠭ᠌ ᠪᠦᠭᠦᠨ ᠮᠤᠳᠠᠨ ᠳᠤ ᠣᠷᠤᠭ᠎ᠠ ᠦᠭᠡᠶ

ᠢᠷᠠᠭᠤ ᠨᠠᠢ᠌ᠷᠠᠭᠴᠢ ᠶᠢᠨ ᠭᠦᠰᠡᠳᠡᠭ᠌ ᠪᠦᠭᠦᠨ ᠶᠢᠡᠷ ᠠᠮᠢᠳᠤᠷᠠᠯ ᠴᠠᠩᠭ᠋ᠠᠭᠰᠠᠨ

ᠢᠷᠠᠭᠤ ᠨᠠᠢ᠌ᠷᠠᠭᠴᠢ ᠶᠢᠨ ᠥᠭᠦᠯ ᠡᠴᠡ ᠢᠷᠡᠭᠡᠳᠦᠢ ᠡᠭᠢᠯᠡᠨ᠎ᠡ ᠁

ᠡᠭᠢᠯᠡᠯ ᠤᠨ ᠴᠡᠭ᠌ ᠭᠡᠳᠡᠭ᠌ ᠳᠡᠭᠦᠰᠭᠡᠯ ᠪᠢᠳᠠᠨ ᠤ ᠪᠦᠳᠦᠭᠡᠭ᠍ᠰᠡᠨ ᠶ‍ᠢᠷᠳᠢᠠᠴᠤ

ᠡᠷᠡᠰᠳᠡᠯ ᠭᠡᠳᠡᠭ᠌ ᠣᠤᠠᠬ᠎ᠠ ᠣᠴᠢᠷ ᠡᠶᠡᠷᠭᠦ ᠡᠭᠢᠯᠡᠭᠦ ᠶᠢᠨ ᠴᠡᠭ᠌

ᠳᠡᠭᠦᠰᠭᠡᠯ ᠤᠨ ᠪᠣᠭᠤᠨᠢᠬᠠᠨ ᠴᠠᠭ ᠬᠤᠭᠤᠴᠠᠭ᠎ᠠ ᠶᠢ ᠭᠦᠮᠦᠰ ᠮᠠᠷᠳᠠᠴᠢᠬᠠᠭᠰᠠᠨ ᠁

2003.03.08

*        *        *


ᠣᠴᠢᠬᠤ ᠭᠠᠵᠠᠷ ᠮᠢᠨᠢ ᠳᠤᠳᠤᠷᠬᠠᠢ ᠦᠭᠡᠶ

ᠣᠨᠠᠭᠰᠠᠨ ᠭᠠᠵᠠᠷ ᠰᠢᠷᠣᠢ᠌ᠨ ᠳᠡᠭᠡᠷ᠎ᠡ ᠪᠠᠨ ᠪᠠᠢ᠌ᠭ᠎ᠠ ᠪᠣᠯᠬᠤᠷ

ᠣᠨᠠᠭᠠᠬᠤ ᠨᠢᠯᠪᠣᠰᠤ ᠮᠢᠨᠢ ᠥᠵᠡᠭ᠍ᠳᠡᠭᠦ ᠦᠭᠡᠶ

ᠥᠨᠡ᠊ᠨᠳᠡᠭᠡᠨ ᠭᠠᠳᠠᠭᠰᠢ ᠣᠷᠤᠰᠬᠤ ᠦᠭᠡᠶ ᠪᠣᠯᠬᠤᠷ

ᠬᠠᠭᠠᠤᠨ ᠤᠨ ᠮᠢᠨᠢ ᠭᠦᠷᠦᠭ᠌ ᠤᠨ ᠳᠡᠷᠭᠡᠳᠡᠭᠦᠷ

ᠣᠯᠠᠨ ᠭᠦᠮᠦᠰ ᠬᠠᠷᠠᠬᠤ ᠵᠠᠪ ᠦᠭᠡᠶ ᠯᠠ ᠥᠩᠭᠡᠷᠡᠭᠦ ᠶᠤᠮ

ᠬᠠᠨ᠎ᠠ ᠶᠢᠨ ᠴᠢᠮᠡᠭᠯᠡᠯ ᠰᠢᠭ᠌ ᠪᠣᠯᠬᠤᠷ ᠨᠢ ᠳᠠᠷᠠ

ᠬᠠᠷᠢᠨ ᠪᠢ ᠯᠠ ᠭᠠᠭᠴᠠᠭᠠᠷ ᠳᠡᠩᠳᠡᠭᠦᠤ ᠰᠢᠨᠠᠯᠠᠬᠤ ᠶᠤᠮ ᠁

ᠠᠵᠠ ᠵᠢᠷᠭᠠᠯ ᠤᠨ ᠳᠤᠬᠠᠢ ᠭᠦᠮᠦᠰ ᠶᠡᠭᠡᠳᠡ ᠮᠥᠷᠦᠭᠡᠳᠦᠭᠦ ᠶᠤᠮ

《ᠠᠯᠳᠠᠨ ᠵᠢᠭᠠᠰᠤᠨ ᠤ ᠥᠯᠢᠭᠡᠷ》 ᠰᠢᠭ ᠬᠤᠭᠤᠰᠤᠨ ᠢ᠁

ᠮᠥᠩᠭᠦ ᠣᠯᠬᠤ ᠭᠡᠵᠤ ᠭᠦᠮᠦᠰ ᠪᠠᠢ᠌ᠩᠭ᠋ᠤ ᠪᠣᠵᠢᠭᠢᠨᠠᠬᠤ ᠶᠤᠮ

ᠮᠥᠩᠭᠡ ᠪᠣᠰᠤ ᠶᠢᠨ ᠶ‍ᠢᠷᠳᠢᠠᠴᠤ ᠳᠤ

ᠮᠥᠩᠭᠡᠷᠡᠭᠦ ᠶᠤᠮ ᠰᠢᠭ ᠳᠡᠨᠡᠭ᠌ ᠤᠳ᠁

*        *        *


ᠪᠣᠷᠬᠠᠨ ᠨᠠᠳᠠᠳᠤ ᠵᠠᠭᠢᠶ᠎ᠠ ᠢᠷᠡᠭᠦᠯᠦᠭ᠍ᠰᠡᠨ

ᠰᠥᠰᠦᠭ᠌ ᠪᠢᠰᠢᠷᠠᠯ᠂ ᠰᠠᠢ᠌ᠬᠠᠨ ᠮᠠᠭᠤᠬᠠᠢ ᠭᠡᠵᠤ

ᠣᠯᠠᠨ ᠶᠠᠭᠤᠮ᠎ᠠ ᠨᠤᠷᠰᠢᠭᠰᠠᠨ ᠪᠠᠢ᠌ᠭᠰᠠᠨ ᠁

ᠡᠷᠯᠢᠭ᠌ ᠨᠡᠳᠡᠳᠤ ᠵᠠᠭᠢᠶ᠎ᠠ ᠢᠷᠡᠭᠦᠯᠦᠭ᠍ᠰᠡᠨ

ᠳᠤᠭᠳᠤᠢ ᠶᠢ ᠨᠢ ᠴᠤ ᠵᠠᠳᠠᠯᠤᠭᠰᠠᠨ ᠦᠭᠡᠶ ᠪᠠᠷ

ᠥᠭᠦᠯ ᠳᠤ ᠳᠠᠮᠵᠢᠭᠤᠯᠤᠭᠰᠠᠨ ᠁

ᠥᠭᠦᠯ ᠨᠠᠳᠠᠳᠤ ᠵᠠᠭᠢᠶ᠎ᠠ ᠢᠷᠡᠭᠦᠯᠦᠭ᠍ᠰᠡᠨ

ᠪᠢ ᠪᠣᠴᠠᠭᠠᠨ ᠪᠣᠷᠬᠠᠨ ᠳᠤ ᠳᠠᠮᠵᠢᠭᠤᠯᠤᠭᠰᠠᠨ ᠁

ᠪᠣᠷᠬᠠᠨ ᠠᠭᠢᠵᠤ ᠵᠠᠭᠢᠶ᠎ᠠ ᠢᠷᠡᠭᠦᠯᠦᠭ᠍ᠰᠡᠨ

ᠪᠣᠶᠠᠨ ᠨᠢᠭᠦᠯ ᠤᠨ ᠳᠤᠬᠠᠢ ᠪᠠᠬᠠᠨ ᠠᠰᠠᠭᠤᠯᠳᠠ

ᠪᠢ ᠨᠢᠭᠡ ᠶᠢ ᠨᠢ ᠴᠤ ᠬᠠᠷᠢᠭᠤᠯᠤᠭᠰᠠᠨ ᠦᠭᠡᠶ ᠪᠠᠷ

ᠬᠤᠭ ᠣᠷᠤᠭᠤ ᠰᠢᠳᠡᠭ᠍ᠰᠡᠨ ᠁

2008.03.24

*        *        *


ᠨᠠᠳᠠᠳᠤ ᠰᠤᠨᠢᠨ ᠡᠪᠠᠦᠡᠴᠢᠨ ᠳᠤᠰᠤᠭᠰᠠᠨ

ᠣᠨᠤᠰᠢ ᠳᠤᠭᠳᠠᠭᠠᠬᠤ ᠡᠮᠴᠢ ᠨᠢ ᠳᠦᠷᠦᠭᠡ ᠦᠭᠡᠶ ᠭᠡᠨ᠎ᠡ

ᠨᠠᠳᠠᠳᠤ ᠰᠤᠨᠢᠨ ᠲᠤᠩ ᠳᠤᠰᠤᠭᠰᠠᠨ

ᠪᠠᠷᠴᠢᠳ ᠢ ᠨᠢ ᠠᠷᠢᠯᠭᠠᠬᠤ ᠯᠠᠮᠠ ᠳᠦᠷᠦᠭᠡ ᠦᠭᠡᠶ ᠭᠡᠨ᠎ᠡ

ᠨᠠᠳᠠᠳᠤ ᠰᠤᠨᠢᠨ ᠠᠳᠠ ᠳᠤᠰᠤᠭᠰᠠᠨ

ᠠᠳᠤᠭᠤᠰᠤ ᠡᠴᠡ ᠴᠤ ᠳᠤᠤᠷ᠎ᠠ ᠦᠭᠡᠶ ᠭᠡᠨ᠎ᠡ

ᠨᠠᠳᠠᠳᠤ ᠰᠤᠨᠢᠨ ᠰᠦᠨᠠᠰᠤ ᠣᠷᠤᠰᠢᠭᠰᠠᠨ

ᠴᠢᠦᠡᠭᠦᠷ ᠴᠤ ᠠᠶᠤᠳᠠᠭ ᠭᠡᠨ᠎ᠡ ᠁

2008.03.24

ᠵᠤᠬᠢᠶᠠᠭᠴᠢ᠄ ᠪᠠ᠊·ᠪᠦᠷᠭᠦᠤᠨ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ
ᠬᠠᠷᠢᠶ᠎ᠠ᠄ ᠰᠢᠯᠦᠭ
ᠳᠠᠷᠤᠮ᠄ 3719
ᠴᠠᠭ᠄ 2008 ᠤᠨ ᠤ 04 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ